| | ᠰᠦ ᠲᠠᠢ ᠴᠠᠢ ᠨᠢ ᠠᠮᠢᠳᠤᠷᠠᠯ ᠳᠤᠮᠳᠠ ᠣᠯᠠᠨ ᠤ ᠳᠤᠷ᠎ᠠ ᠪᠠᠬ᠎ᠠ ᠶᠢ ᠲᠠᠲᠠᠭᠰᠠᠨ ᠤᠮᠳᠠᠭᠠᠨ ᠪᠤᠯᠬᠤ ᠪᠦᠭᠡᠳ | ᠠᠮᠲᠠ ᠨᠢ ᠰᠠᠶᠢᠬᠠᠨ ᠮᠥᠷᠲᠡᠭᠡᠨ ᠬᠥᠮᠦᠨ ᠤ ᠰᠡᠳᠬᠢᠯ ᠰᠠᠨᠠᠭ᠎ᠠ ᠶᠢ ᠠᠭᠤᠵᠢᠷᠠᠭᠤᠯᠳᠠᠭ᠃ | ᠲᠡᠭᠡᠪᠡᠯ ᠰᠦ ᠲᠠᠢ ᠴᠠᠢ ᠶᠢ ᠵᠠᠪᠠᠯ ᠬᠤᠶᠠᠷ ᠴᠠᠭ ᠤᠨ ᠳᠣᠲᠣᠷ᠎ᠠ ᠤᠤᠭᠤᠵᠤ ᠪᠠᠷᠠᠬᠤ ᠴᠢᠬᠤᠯᠠᠳᠠᠢ ᠦᠦ︖ | ᠰᠦ ᠲᠠᠢ ᠴᠠᠶ ᠶᠢ ᠶᠡᠷᠦ ᠳᠡᠭᠡᠨ ᠴᠠᠶ᠂ ᠦᠨᠢᠶᠡᠨ ᠰᠦ ᠪᠠᠷ ᠬᠢᠳᠡᠭ᠂ ᠠᠮᠲᠠ ᠶᠢ ᠨᠢ ᠲᠣᠬᠢᠷᠠᠭᠤᠯᠬᠤ ᠶᠢᠨ ᠲᠤᠰᠠᠳᠠ | ᠪᠠᠰᠠ ᠰᠢᠬᠢᠷ᠂ ᠵᠥᠭᠡᠬᠡᠶ᠂ ᠪᠢᠰᠢᠯᠠᠭ᠂ ᠵᠢᠮᠢᠰ᠂ ᠰᠦ ᠶᠢᠨ ᠣᠬᠢ ᠵᠡᠷᠭᠡ ᠶᠢ ᠨᠡᠮᠡᠵᠦ᠂ ᠠᠮᠲᠠ ᠶᠢ ᠨᠢ ᠨᠠᠩ ᠣᠯᠠᠨ | ᠵᠦᠢᠯ ᠤᠨ ᠪᠣᠯᠭᠠᠳᠠᠭ᠃ ᠨᠢᠭᠡ ᠴᠣᠮᠣ ᠰᠦ ᠲᠠᠢ ᠴᠠᠢ ᠶᠢ ᠬᠡᠳᠦᠶ ᠴᠠᠭ ᠤᠨ ᠳᠣᠲᠣᠷ᠎ᠠ ᠤᠤᠭᠤᠵᠤ ᠪᠠᠷᠠᠬᠤ | ᠴᠢᠬᠤᠯᠠᠳᠠᠢ ᠪᠣᠢ︖ ᠠᠮᠤᠷ ᠲᠦᠪᠰᠢᠨ ᠪᠠ ᠠᠮᠲᠠ ᠶᠢᠨ ᠮᠡᠳᠡᠷᠡᠮᠵᠢ ᠠᠴᠠ ᠠᠪᠴᠤ ᠬᠡᠯᠡᠪᠡᠯ᠂ 2 ᠴᠠᠭ ᠤᠨ | ᠲᠤᠳᠤᠷ᠎ᠠ ᠪᠣᠯ ᠨᠡᠯᠢᠶᠡᠳ ᠰᠠᠶᠢᠨ ᠰᠣᠩᠭᠤᠯᠲᠠ ᠪᠤᠯᠤᠨ᠎ᠠ᠃ ᠬᠡᠷᠪᠡ ᠰᠦ ᠲᠠᠢ ᠴᠠᠶ ᠶᠢ ᠬᠡᠲᠦ ᠤᠳᠠᠭᠠᠨ ᠲᠠᠯᠪᠢᠪᠡᠯ᠂ | ᠡᠯ᠎ᠡ ᠵᠦᠢᠯ ᠤᠨ ᠪᠠᠺᠲ᠋ᠧᠷᠢ ᠶᠢᠨ ᠮᠢᠺᠷᠣᠪ ᠴᠥᠮ ᠶᠡᠭᠡ ᠬᠡᠮᠵᠢᠶ᠎ᠡ ᠪᠠᠷ ᠦᠷᠡᠵᠢᠨ ᠲᠥᠯᠵᠢᠬᠦ ᠶᠢᠨ ᠤᠯᠠᠮ ᠢᠶᠠᠷ | ᠢᠳᠡᠭᠡᠨ ᠤ ᠠᠮᠤᠷ ᠲᠦᠪᠰᠢᠨ ᠤ ᠳᠠᠯᠳᠠ ᠬᠡᠮ ᠢ ᠪᠣᠶ ᠪᠣᠯᠭᠠᠳᠠᠭ᠃ | ᠴᠠᠭ ᠬᠤᠭᠤᠴᠠᠭ᠎ᠠ ᠥᠩᠭᠡᠷᠡᠬᠦ ᠶᠢ ᠳᠠᠭᠠᠯᠳᠤᠨ᠂ ᠡᠩ ᠲᠡᠷᠢᠬᠦᠨ ᠳᠤ ᠰᠦ ᠲᠠᠢ ᠴᠠᠢ ᠶᠢᠨ ᠳᠣᠲᠣᠷᠠᠬᠢ | ᠪᠦᠷᠢᠯᠳᠦᠬᠦᠨ ᠳᠤ ᠬᠤᠪᠢᠷᠠᠯᠲᠠ ᠭᠠᠷᠴᠤ᠂ ᠦᠨᠦᠷ ᠠᠮᠲᠠ ᠨᠢ ᠴᠦ ᠠᠭᠠᠵᠢᠮ ᠢᠶᠠᠷ ᠠᠯᠳᠠᠭᠳᠠᠳᠠᠭ᠃ ᠳᠠᠷᠠᠭ᠎ᠠ ᠨᠢ᠂ | ᠴᠠᠭ ᠬᠤᠭᠤᠴᠠᠭ᠎ᠠ ᠥᠩᠭᠡᠷᠡᠬᠦ ᠶᠢ ᠳᠠᠭᠠᠯᠳᠤᠨ᠂ ᠭᠠᠳᠠᠨ᠎ᠠ ᠤᠳᠠᠭᠠᠨ ᠲᠠᠯᠪᠢᠭᠰᠠᠨ ᠰᠦ ᠲᠠᠢ ᠴᠠᠶ ᠨᠢ ᠬᠦᠷᠦᠳᠡᠭ | ᠪᠠᠶᠢᠨ᠎ᠠ᠃ | ᠡᠶᠢᠮᠦ ᠠᠴᠠ᠂ ᠠᠮᠳᠠ ᠶᠢ ᠨᠢ ᠪᠠᠳᠤᠯᠠᠬᠤ ᠶᠢᠨ ᠲᠤᠰᠠᠳᠠ᠂ ᠴᠢᠳᠠᠬᠤ ᠶᠢᠨ ᠲᠤᠳᠤᠷ᠎ᠠ ᠬᠤᠷᠳᠤᠨ ᠤᠤᠭᠤᠵᠤ | ᠪᠠᠷᠠᠪᠠᠯ ᠵᠤᠬᠢᠨ᠎ᠡ᠃ ᠬᠠᠮᠤᠭ ᠰᠡᠭᠦᠯ ᠳᠤᠨᠢ᠂ ᠰᠦ ᠲᠠᠢ ᠴᠠᠶ ᠠᠮᠲᠠᠲᠠᠶ ᠪᠣᠯᠪᠠᠴᠤ ᠲᠡᠭᠦᠨ ᠳᠤ ᠬᠤᠪᠳᠣᠭᠯᠠᠵᠤ ᠪᠣᠯᠬᠤ | ᠥᠬᠡᠶ᠂ ᠲᠡᠷᠡ ᠨᠢ ᠶᠠᠭᠠᠬᠢᠯᠡ ᠴᠤ ᠭᠡᠰᠡᠨ ᠰᠢᠬᠢᠷ ᠶᠡᠬᠡᠲᠡᠶ ᠲᠣᠰᠣ ᠶᠡᠬᠡᠲᠡᠶ ᠢᠳᠡᠭᠡᠨ ᠶᠤᠮ︕ | | | ᠪᠡᠯᠡᠳᠭᠡᠭᠡᠰᠡᠨ ᠨᠢ᠄ ᠬᠠᠨ ᠰᠢᠶᠤᠤ ᠿᠦᠩ | ᠬᠢᠨᠠᠬᠴᠢ᠄ ᠼᠦᠢ ᠶᠢᠩ | ᠢᠷᠡᠯᠲᠡ᠄ ᠠᠷᠠᠳ ᠤᠨ ᠮᠣᠩᠭᠤᠯ ᠰᠦᠯᠵᠢᠶ᠎ᠡ |