| 2024 ᠣᠨ ᠤ ᠲᠥᠮᠥᠰᠥᠨ ᠤ ᠬᠡᠷᠡᠭᠯᠡᠭᠡᠨ ᠤ ᠰᠠᠨᠠᠭᠤᠯᠤᠮᠵᠢ | ᠲᠥᠮᠥᠰᠥ ᠭᠡᠳᠡᠭ ᠨᠢ ᠶᠠᠭᠤ ᠪᠤᠢ︖ | ᠲᠦᠮᠦᠰᠦ ᠪᠣᠯ ᠬᠠᠰᠢ ᠶᠢᠨ ᠢᠵᠠᠭᠤᠷ ᠬᠠᠰᠢ ᠶᠢᠨ ᠲᠥᠷᠥᠯ ᠤᠨ ᠡᠪᠡᠰᠦᠯᠢᠭ ᠤᠷᠭᠤᠮᠠᠯ ᠪᠣᠯᠣᠨ᠎ᠠ᠃ ᠲᠡᠷᠡ ᠨᠢ | ᠪᠦᠬᠦ ᠪᠥᠮᠪᠥᠷᠴᠡᠭ ᠤᠨ ᠳᠥᠷᠪᠡᠳᠦᠭᠡᠷ ᠶᠡᠭᠡ ᠠᠮᠤ ᠪᠤᠳᠠᠭᠠᠨ ᠤ ᠲᠠᠷᠢᠮᠠᠯ ᠪᠠᠶᠢᠵᠤ᠂ ᠵᠥᠪᠬᠡᠨ ᠪᠤᠭᠤᠳᠠᠢ᠂ | ᠲᠤᠲᠤᠷᠭ᠎ᠠ ᠪᠠ ᠡᠷᠳᠡᠨᠢ ᠰᠢᠰᠢ ᠶᠢᠨ ᠳᠠᠷᠠᠭ᠎ᠠ ᠯᠠ ᠣᠷᠣᠳᠠᠭ᠃ | ᠳᠥᠮᠥᠰᠥᠨ ᠤ ᠰᠢᠮ᠎ᠡ ᠲᠡᠵᠢᠭᠡᠯ | ᠲᠥᠮᠥᠰᠥ ᠳᠤ ᠶᠡᠭᠡ ᠬᠡᠮᠵᠢᠶᠡᠨ ᠤ ᠴᠠᠷᠳᠠᠭᠤᠯ ᠠᠭᠤᠯᠵᠤ᠂ ᠬᠦᠮᠦᠨ ᠤ ᠪᠡᠶ᠎ᠡ ᠳᠤ ᠢᠯᠴᠢ ᠬᠠᠩᠭᠠᠳᠠᠭ ᠪᠥᠭᠡᠳ | ᠪᠠᠰᠠ ᠪᠠᠭ᠎ᠠ ᠬᠡᠮᠵᠢᠶᠡᠨ ᠤ ᠤᠭᠤᠷᠠᠭ᠂ ᠰᠢᠪᠲᠤᠷᠲᠤ ᠬᠦᠴᠢᠯ ᠵᠢᠴᠢ ᠣᠯᠠᠨ ᠵᠦᠢᠯ ᠤᠨ ᠸᠢᠲ᠋ᠠᠮᠢᠨ᠂ ᠡᠷᠦᠳᠡᠰᠦᠨ | ᠪᠣᠳᠠᠰ ᠪᠣᠯᠤᠨ ᠢᠳᠡᠭᠡᠨ ᠤ ᠰᠢᠷᠬᠡᠭᠯᠢᠭ ᠡᠳ᠋ ᠠᠭᠤᠯᠤᠭᠳᠠᠳᠠᠭ᠃ ᠴᠠᠷᠳᠠᠭᠤᠯ ᠤᠨ ᠬᠠᠮᠠᠭᠠᠯᠠᠯᠲᠠ ᠲᠠᠢ ᠪᠣᠯᠬᠤᠷ | ᠲᠥᠮᠥᠰᠥᠨ ᠳᠣᠲᠣᠷᠠᠬᠢ ᠸᠢᠲ᠋ᠠᠮᠢᠨ C ᠨᠢ ᠪᠣᠯᠭᠤᠭᠠᠬᠤ ᠶᠠᠪᠤᠴᠠ ᠳᠤ ᠠᠮᠠᠷᠬᠠᠨ ᠠᠯᠳᠠᠭᠳᠠᠬᠤ ᠦᠭᠡᠢ ᠪᠥᠭᠡᠳ | ᠠᠰᠢᠭᠯᠠᠯᠲᠠ ᠨᠢ ᠶᠡᠷᠦᠳᠡ ᠶᠢᠨ ᠢᠳᠡᠰᠢᠨ ᠨᠣᠭᠤᠭᠠᠨ ᠠᠴᠠ ᠥᠨᠳᠥᠷ ᠪᠠᠶᠢᠳᠠᠭ᠃ ᠡᠭᠦᠨ ᠤ ᠬᠠᠮᠲᠤ᠂ | ᠲᠥᠮᠥᠰᠥ ᠳᠤ ᠪᠠᠰᠠ ᠨᠡᠯᠢᠶᠡᠳ ᠣᠯᠠᠨ ᠺᠠᠯᠢ ᠪᠠ ᠮᠠᠭᠨᠢ ᠠᠭᠤᠯᠤᠭᠳᠠᠳᠠᠭ᠂ ᠡᠨᠡ ᠬᠤᠶᠠᠷ ᠵᠦᠢᠯ ᠤᠨ ᠰᠢᠮ᠎ᠡ | ᠲᠡᠵᠢᠭᠡᠯ ᠤᠨ ᠡᠳ᠋ ᠨᠢ ᠴᠢᠰᠤᠨ ᠳᠠᠷᠤᠯᠲᠠ ᠶᠢ ᠲᠣᠭᠲᠠᠪᠤᠷᠢᠵᠢᠭᠤᠯᠬᠤ ᠪᠠ ᠵᠢᠷᠦᠬᠡ ᠶᠢ ᠬᠠᠮᠠᠭᠠᠯᠠᠬᠤ ᠳᠤ ᠴᠥᠮ | ᠴᠢᠬᠤᠯᠠ ᠦᠢᠯᠡᠳᠦᠯ ᠲᠠᠢ ᠪᠥᠭᠡᠳ ᠪᠠᠰᠠ ᠲᠦᠢᠯ ᠤᠨ ᠰᠠᠶᠢᠨ ᠺᠠᠯᠢ ᠶᠡᠭᠡ ᠨᠠᠳ᠋ᠷᠢ ᠪᠠᠭ᠎ᠠ ᠠᠭᠤᠯᠤᠭᠳᠠᠬᠤ ᠢᠳᠡᠭᠡᠨ | ᠪᠣᠯᠤᠨ᠎ᠠ᠃ | ᠲᠥᠮᠥᠰᠥ ᠶᠢ ᠬᠡᠷᠬᠢᠨ ᠰᠣᠩᠭᠤᠬᠤ ᠪᠣᠢ︖ | ᠲᠥᠮᠥᠰᠥ ᠬᠤᠳᠠᠯᠳᠤᠨ ᠠᠪᠬᠤ ᠳᠤ ᠴᠢᠳᠠᠬᠤ ᠶᠢᠨ ᠳᠣᠲᠣᠷ᠎ᠠ ᠭᠥᠯᠢᠭᠡᠷ ᠪᠥᠮᠪᠥᠷᠢᠭᠡᠨ᠂ ᠥᠩᠭᠡ ᠨᠢ ᠵᠢᠭᠳᠡ᠂ | ᠨᠣᠭᠤᠭᠠᠷᠠᠭᠰᠠᠨ ᠦᠭᠡᠢ ᠰᠢᠨ᠎ᠡ ᠰᠣᠷᠭᠤᠭ ᠲᠥᠮᠥᠰᠥ ᠶᠢ ᠰᠣᠩᠭᠤᠵᠤ᠂ ᠤᠷᠲᠤ ᠨᠢᠯᠬ᠎ᠠ ᠴᠢᠬᠢ ᠲᠠᠢ᠂ ᠥᠩᠭᠡ ᠨᠢ | ᠭᠦᠨ ᠰᠠᠷᠠᠯ ᠥᠩᠭᠡ ᠲᠠᠢ ᠪᠤᠶᠤ ᠬᠠᠷ᠎ᠠ ᠲᠣᠯᠪᠤ ᠲᠠᠢ ᠬᠥᠯᠳᠡᠵᠦ ᠰᠢᠷᠬᠠᠲᠤᠭᠰᠠᠨ ᠪᠤᠶᠤ ᠢᠯᠵᠠᠷᠠᠭᠰᠠᠨ ᠲᠥᠮᠥᠰᠥ ᠶᠢ | ᠪᠢᠲᠡᠭᠡᠢ ᠰᠣᠩᠭᠤᠭᠠᠷᠠᠢ᠂ ᠡᠶᠢᠮᠦᠷᠬᠦᠦ ᠲᠥᠮᠥᠰᠥ ᠶᠢ ᠢᠳᠡᠪᠡᠯ ᠬᠤᠣᠷᠳᠠᠯ ᠡᠭᠦᠰᠴᠦ ᠮᠡᠳᠡᠨ᠎ᠡ᠃ | ᠲᠥᠮᠥᠰᠥ ᠬᠠᠳᠠᠭᠠᠯᠠᠬᠤ | ᠲᠥᠮᠥᠰᠥ ᠶᠢᠨ ᠤᠰᠤᠨ ᠤ ᠠᠭᠤᠯᠤᠭᠳᠠᠴᠠ ᠥᠨᠳᠥᠷ᠂ ᠠᠮᠠᠷᠬᠠᠨ ᠢᠯᠵᠠᠷᠠᠳᠠᠭ ᠲᠤᠯᠠ᠂ ᠬᠠᠳᠠᠭᠠᠯᠠᠬᠤ | ᠣᠷᠴᠢᠨ ᠲᠣᠭᠤᠷᠢᠨ ᠨᠢ ᠴᠡᠪᠡᠷ ᠴᠡᠮᠴᠡᠭᠡᠷ᠂ ᠬᠠᠭᠤᠷᠠᠶ᠂ ᠰᠠᠯᠬᠢ ᠨᠡᠪᠲᠡᠷᠡᠬᠦ᠂ ᠪᠣᠬᠢᠷᠲᠤᠯ ᠥᠬᠡᠶ ᠪᠠᠶᠢᠬᠤ ᠶᠢ | ᠱᠠᠭᠠᠷᠳᠠᠨ᠎ᠠ᠃ 5 ᠭᠷᠡᠳᠦ᠋ᠰ ᠣᠷᠴᠢᠮ ᠤᠨ ᠰᠡᠷᠢᠭᠦᠬᠡᠨ ᠰᠠᠯᠬᠢ ᠨᠡᠪᠲᠡᠷᠡᠬᠦ ᠭᠠᠵᠠᠷ ᠲᠤ ᠬᠠᠳᠠᠭᠠᠯᠠᠬᠤ ᠬᠡᠷᠡᠭᠲᠡᠢ᠃ | ᠳᠤᠯᠠᠭᠠᠨ ᠤ ᠬᠡᠮᠵᠢᠶ᠎ᠡ ᠨᠢ ᠥᠨᠳᠥᠷ ᠪᠣᠯ ᠰᠣᠶᠣᠭᠠᠯᠠᠬᠤ ᠪᠤᠶᠤ ᠢᠯᠵᠠᠷᠠᠵᠤ᠂ ᠳᠤᠯᠠᠭᠠᠨ ᠤ ᠬᠡᠮᠵᠢᠶ᠎ᠡ ᠨᠢ ᠳᠣᠣᠷ᠎ᠠ | ᠪᠣᠯ ᠬᠥᠯᠳᠡᠵᠦ᠂ ᠴᠢᠭᠢᠭ ᠤᠨ ᠬᠡᠮᠵᠢᠶ᠎ᠡ ᠨᠢ ᠶᠡᠭᠡ ᠪᠣᠯ ᠠᠮᠠᠷᠬᠠᠨ ᠢᠯᠵᠢᠷᠡᠨᠡ᠃ | ᠢᠳᠡᠭᠡᠨ ᠳᠤ ᠠᠩᠬᠠᠷᠬᠤ ᠵᠦᠢᠯ | 1. ᠲᠥᠮᠥᠰᠥ ᠶᠢ ᠵᠣᠬᠢᠰ ᠦᠭᠡᠢ ᠬᠠᠳᠠᠭᠠᠯᠠᠭᠰᠠᠨ ᠠᠴᠠ ᠪᠣᠯᠵᠤ ᠨᠠᠬᠢᠶᠠᠯᠠᠭᠰᠠᠨ ᠤ ᠳᠠᠷᠠᠭ᠎ᠠ᠂ ᠴᠢᠬᠢ ᠶᠢᠨ | ᠬᠡᠰᠡᠭ ᠨᠢ ᠬᠦᠷᠡᠩ ᠥᠩᠭᠡᠲᠡᠢ ᠪᠣᠯᠵᠤ᠂ ᠠᠭᠤᠯᠤᠭᠳᠠᠴᠠ ᠪᠠᠷ ᠨᠡᠯᠢᠶᠡᠳ ᠥᠨᠳᠥᠷ ᠬᠤᠤᠷᠲᠤ ᠪᠣᠳᠠᠰ — ᠨᠣᠬᠠᠢ | ᠦᠵᠦᠮ ᠤᠨ ᠬᠤᠵᠢᠷ ᠡᠭᠦᠰᠳᠡᠭ᠂ ᠪᠠᠰᠠ ᠨᠣᠬᠠᠢ ᠦᠵᠦᠮ ᠤᠨ ᠡᠳ᠋ ᠭᠡᠳᠡᠭ᠂ ᠰᠠᠨᠠᠮᠰᠠᠷ ᠦᠭᠡᠢ ᠪᠠᠷ ᠶᠡᠭᠡ | ᠬᠡᠮᠵᠢᠶ᠎ᠡ ᠪᠠᠷ ᠢᠳᠡᠵᠦ ᠣᠷᠣᠭᠤᠯᠪᠠᠯ ᠠᠮᠠᠷᠬᠠᠨ ᠬᠤᠣᠷᠳᠠᠭᠳᠠᠨ᠎ᠠ᠃ ᠡᠩ ᠤᠨ ᠲᠦᠮᠦᠰᠦ ᠳᠠᠬᠢ ᠨᠣᠬᠠᠢ ᠦᠵᠦᠮ ᠤᠨ | ᠡᠳ᠋ ᠤᠨ ᠠᠭᠤᠯᠤᠭᠳᠠᠴᠠ ᠨᠢ ᠶᠡᠷᠦ ᠳᠤ ᠪᠠᠨ 2 — 10mg/100g ᠪᠠᠶᠢᠵᠤ᠂ ᠨᠠᠬᠢᠶᠠᠯᠠᠭᠰᠠᠨ᠂ ᠬᠠᠯᠢᠰᠤ ᠨᠢ | ᠨᠣᠭᠤᠭᠠᠷᠠᠭᠰᠠᠨ ᠲᠥᠮᠥᠰᠥ ᠳᠠᠬᠢ ᠠᠭᠤᠯᠤᠭᠳᠠᠴᠠ ᠨᠢ 35 — 40mg/100g ᠪᠠᠶᠢᠵᠤ᠂ ᠨᠢᠯᠬ᠎ᠠ ᠨᠠᠬᠢᠶ᠎ᠠ | ᠵᠢᠴᠢ ᠨᠠᠬᠢᠶᠠᠨ ᠪᠠᠶᠢᠷᠢ ᠶᠢᠨ ᠬᠡᠰᠡᠭ ᠤᠨ ᠬᠢᠨ ᠠᠭᠤᠯᠤᠭᠳᠠᠴᠠ ᠨᠢ ᠨᠡᠩ ᠥᠨᠳᠥᠷ ᠪᠠᠶᠢᠳᠠᠭ᠃ | 2. ᠬᠡᠷᠡᠭᠯᠡᠭᠴᠢᠳ ᠪᠣᠯᠪᠠᠰᠤᠷᠠᠭ᠎ᠠ ᠦᠭᠡᠢ ᠨᠣᠭᠤᠭᠠᠷᠠᠭᠰᠠᠨ ᠬᠠᠯᠢᠰᠤᠲᠠᠢ ᠲᠥᠮᠥᠰᠥ ᠪᠤᠶᠤ ᠨᠠᠬᠢᠶᠠᠯᠠᠭᠰᠠᠨ | ᠲᠥᠮᠥᠰᠥ ᠶᠢ ᠢᠳᠡᠵᠦ ᠪᠣᠯᠬᠤ ᠦᠭᠡᠢ᠃ ᠬᠡᠷᠪᠡ ᠨᠣᠭᠤᠭᠠᠷᠠᠭᠰᠠᠨ ᠲᠠᠯᠠᠪᠠᠢ ᠨᠢ ᠨᠡᠯᠢᠶᠡᠳ ᠪᠠᠭ᠎ᠠ᠂ ᠨᠠᠬᠢᠶᠠᠯᠠᠭᠰᠠᠨ | ᠬᠡᠰᠡᠭ ᠨᠢ ᠨᠡᠯᠢᠶᠡᠳ ᠪᠠᠭ᠎ᠠ ᠪᠣᠯ ᠨᠣᠭᠤᠭᠠᠷᠠᠭᠰᠠᠨ ᠬᠡᠰᠡᠭ ᠪᠤᠶᠤ ᠨᠠᠬᠢᠶᠠᠨ ᠪᠠᠶᠢᠷᠢ ᠶᠢ ᠨᠢ ᠲᠦᠢᠯᠪᠤᠷᠢᠲᠠᠶ | ᠮᠠᠯᠲᠠᠬᠤ ᠶᠢᠨ ᠬᠠᠮᠲᠤ ᠡᠷᠭᠢᠨ ᠲᠣᠭᠤᠷᠢᠨ ᠤ ᠬᠡᠰᠡᠭ ᠢ ᠨᠢ ᠠᠷᠢᠯᠭᠠᠬᠤ ᠬᠡᠷᠡᠭᠲᠡᠶ᠃ ᠨᠣᠭᠤᠭᠠᠷᠠᠭᠰᠠᠨ ᠲᠠᠯᠠᠪᠠᠢ ᠨᠢ | ᠨᠡᠯᠢᠶᠡᠳ ᠶᠡᠭᠡ᠂ ᠨᠠᠬᠢᠶᠠᠯᠠᠭᠰᠠᠨ ᠬᠡᠰᠡᠭ ᠨᠢ ᠨᠡᠯᠢᠶᠡᠳ ᠠᠷᠪᠢᠨ ᠪᠣᠯ ᠢᠳᠡᠵᠦ ᠪᠣᠯᠬᠤ ᠦᠭᠡᠶ᠃ | ᠳᠣᠲᠣᠨᠣ ᠰᠠᠨᠠᠭᠤᠯᠤᠮᠵᠢ | ᠲᠠ ᠦᠢᠯᠡᠳᠬᠦᠨ ᠬᠤᠳᠠᠯᠳᠤᠨ ᠠᠪᠬᠤ ᠪᠠ ᠢᠳᠡᠬᠦ ᠶᠠᠪᠤᠴᠠ ᠳᠤ ᠶᠠᠰᠤ ᠴᠢᠨᠠᠷ ᠤᠨ ᠠᠰᠠᠭᠤᠳᠠᠯ ᠪᠤᠶᠤ | ᠬᠤᠯᠪᠣᠭᠳᠠᠯ ᠪᠥᠬᠦᠶ ᠪᠠᠷᠢᠮᠵᠢᠶ᠎ᠠ ᠶᠢᠨ ᠱᠠᠭᠠᠷᠳᠠᠯᠭ᠎ᠠ ᠳᠤ ᠨᠡᠶᠢᠴᠡᠬᠦ ᠥᠬᠡᠶ ᠪᠠᠶᠢᠳᠠᠯ ᠢ ᠣᠯᠵᠤ ᠮᠡᠳᠡᠪᠡᠯ᠂ ᠴᠠᠭ | ᠲᠤᠬᠠᠶ ᠳᠤᠨᠢ 12345 ᠪᠤᠶᠤ 12315 ᠤᠲᠠᠰᠤ ᠪᠠᠷ ᠵᠠᠭᠠᠯᠳᠤᠵᠤ ᠢᠯᠡᠴᠢᠯᠡᠨ ᠮᠡᠳᠡᠭᠦᠯᠦᠭᠡᠷᠡᠢ᠃ | | | ᠪᠡᠯᠡᠳᠭᠡᠭᠡᠰᠡᠨ ᠨᠢ᠄ ᠬᠠᠨ ᠰᠢᠶᠤᠤ ᠿᠦᠩ | ᠬᠢᠨᠠᠬᠴᠢ᠄ ᠼᠦᠢ ᠶᠢᠩ | ᠢᠷᠡᠯᠳᠡ᠄ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠵᠠᠬ᠎ᠠ ᠲᠡᠯᠭᠡᠭᠦᠷ ᠤᠨ ᠬᠢᠨᠠᠯᠳᠠ | ᠬᠠᠮᠢᠶᠠᠷᠤᠯᠳᠠ ᠶᠢᠨ ᠲᠤᠪᠴᠢᠶ᠎ᠠ | |