ᠠᠳᠤᠭᠤ ᠮᠠᠯ ᠳᠤ ᠬᠤᠯᠪᠤᠬᠳᠠᠬᠤ ᠵᠠᠩ ᠦᠢᠯᠡ
ᠨᠡᠶᠢᠲᠡᠯᠡᠭᠰᠡᠨ ᠴᠠᠭ᠄
2021/12/14
  ᠲᠠᠪᠤᠨ ᠬᠤᠰᠢᠭᠤ ᠮᠠᠯ ᠢᠶᠠᠨ ᠲᠠᠯ᠎ᠠ ᠶᠢᠨ ᠲᠠᠪᠤᠨ ᠡᠷᠳᠡᠨᠢ ᠬᠡᠮᠡᠨ ᠲᠡᠭᠡᠳᠦᠯᠡᠳᠡᠭ ᠮᠤᠩᠭᠤᠯᠴᠤᠳ ᠲᠤ ᠮᠠᠯ ᠲᠠᠢ ᠬᠤᠯᠪᠤᠭᠳᠠᠭᠰᠠᠨ ᠵᠠᠩ ᠦᠢᠯᠡ᠂ ᠴᠡᠭᠡᠷ ᠶᠤᠰᠤ ᠤᠯᠠᠨ ᠪᠠᠶᠢᠳᠠᠭ᠃ ᠡᠬᠦᠨ ᠳᠤ ᠬᠡᠳᠦ ᠶᠢ ᠰᠡᠶᠢᠷᠡᠬᠦᠯᠪᠡᠯ᠄   1. ᠮᠤᠷᠢᠨ ᠤ ᠲᠤᠯᠤᠭᠠᠢ ᠶᠢ ᠴᠤᠬᠢᠳᠠᠬ ᠦᠬᠡᠢ᠂ ︽ᠮᠤᠷᠢᠨ ᠲᠤᠯᠤᠭᠠᠢ ᠮᠤᠯᠤᠷ ᠡᠷᠳᠡᠨᠢ︾ ᠬᠡᠳᠡᠭ᠃   2. ᠤᠡᠭᠭᠤᠨ ᠲᠠᠷᠬᠠᠨ ᠪᠤᠶᠤ ᠶᠡᠭᠡ ᠠᠴᠢ ᠦᠵᠡᠭᠦᠯᠦᠭᠰᠡᠨ ᠮᠠᠯ ᠢᠶᠠᠨ ᠠᠯᠠᠵᠤ ᠬᠤᠳᠠᠯᠳᠤᠳᠠᠬ ᠦᠬᠡᠢ᠃   3. ᠮᠠᠯ ᠤᠨᠤᠬ᠋᠎ᠠ ᠶᠢ ᠬᠠᠷᠠᠳᠠᠵᠤ ᠴᠤᠬᠢᠬᠤ ᠪᠤᠶᠤ ᠬᠠᠯᠠ ᠲᠠᠢ ᠡᠳ᠋ᠯᠡᠵᠦ ᠵᠤᠪᠠᠭᠠᠪᠠᠯ ᠮᠠᠯ ᠤᠨ ᠵᠠᠶᠠᠬ᠋᠎ᠠ ᠭᠤᠮᠤᠳᠠᠨ᠎ᠠ ᠬᠡᠳᠡᠭ᠃   4. ᠮᠠᠯ ᠢ ᠠᠯᠢ ᠮᠠᠭᠤ ᠪᠠᠷ ᠬᠠᠷᠢᠶᠠᠵᠤ ᠵᠦᠭᠡᠳᠡᠭ ᠦᠬᠡᠢ᠃   5. ᠮᠠᠯ ᠤᠨᠤᠬ᠋᠎ᠠ ᠠᠳᠤᠭᠤᠰᠤ ᠠᠮᠢᠳᠠᠨ ᠢ ᠴᠤᠬᠢᠵᠤ ᠲᠠᠮᠤᠯᠠᠬᠤ ᠪᠠ ᠴᠢᠴᠢᠵᠤ ᠬᠠᠳᠬᠤᠳᠠᠭ ᠦᠬᠡᠢ᠃   6. ᠮᠠᠯ ᠢ ᠲᠡᠮᠤᠷ ᠢᠶᠠᠷ ᠴᠤᠬᠢᠳᠠᠬ ᠦᠬᠡᠢ᠃   7. ᠮᠠᠯ ᠤᠨ ᠨᠢᠳᠤ ᠰᠠᠨᠴᠢᠭ ᠵᠡᠷᠭᠡ ᠬᠡᠪᠡᠷᠡᠭ ᠬ᠋ᠠᠵᠠᠷ ᠪᠤᠶᠤ ᠠᠮᠢᠨ ᠬ᠋ᠠᠵᠠᠷ ᠢ ᠴᠤᠬᠢᠳᠠᠬ ᠦᠬᠡᠢ᠃   8. ᠮᠠᠯ ᠢ ᠰᠠᠶᠢᠳᠤᠷ ᠤᠰᠤᠯᠠᠵᠤ ᠡᠪᠡᠰᠤᠯᠡᠬᠦ ᠶᠢ ᠪᠤᠶᠠᠨ ᠤ ᠦᠢᠯᠡ ᠪᠠᠷ ᠦᠵᠡᠳᠡᠭ ᠲᠤᠯᠠ ︽ᠮᠠᠨᠢ ᠲᠤᠭᠠᠯᠠᠬᠤ ᠪᠠᠷ ᠮᠠᠯ ᠢᠶᠠᠨ ᠤᠰᠤᠯᠠ︾ ᠬᠡᠳᠡᠭ᠃   9. ᠮᠠᠯ ᠤᠨᠤᠬ᠋᠎ᠠ ᠶᠢ ᠡᠩ ᠤᠨ ᠦᠶ᠎ᠡ ᠳᠤ ᠶᠡᠭᠡ ᠪᠠᠷ ᠤᠶᠠᠵᠤ ᠬᠠᠭᠰᠠᠭᠠᠨ ᠦᠯᠦᠰᠭᠡᠳᠡᠭ ᠦᠬᠡᠢ᠂ ᠡᠪᠡᠰᠤ ᠤᠰᠤᠨ ᠳᠤ ᠦᠷᠢ ᠲᠠᠢ ᠦᠦ︾ ᠬᠡᠳᠡᠭ᠃  10. ᠮᠠᠯ ᠤᠨ ᠬᠡᠶᠢᠮᠤᠷᠢ ᠡᠳᠤᠷ᠂ ᠵᠤᠰᠠᠬ ᠡᠳᠤᠷ᠂ ᠤᠯᠠᠭᠠᠨ ᠤᠯᠠᠭᠠᠭᠴᠢᠨ ᠡᠳᠤᠷ ᠤᠳ ᠲᠤ ᠮᠠᠯ ᠪᠠᠵᠠᠭᠠᠳᠠᠬ ᠦᠬᠡᠢ᠃  11. ᠮᠠᠯ ᠠᠳᠤᠭᠤᠰᠤ ᠶᠢ ᠠᠯᠠᠨ᠎ᠠ ᠬᠢᠳᠤᠨ᠎ᠡ ᠬᠡᠬᠦ ᠮᠡᠳᠤ ᠪᠠᠷ ᠬᠡᠯᠡᠳᠡᠭ ᠦᠬᠡᠢ᠂ ︽ᠪᠠᠵᠠᠭᠠᠨ᠎ᠠ︾᠂ ︽ᠱᠦᠯᠦ ᠤᠤᠭᠤᠨ᠎ᠡ︾᠂ ︽ᠭᠠᠷᠭᠠᠨ᠎ᠠ︾᠂ ︽ᠢᠳᠡᠰᠢ ᠠᠪᠤᠨ᠎ᠠ︾᠂ ︽ᠦᠬᠦᠴᠡ ᠠᠪᠤᠨ᠎ᠠ︾ ᠁ ᠬᠡᠬᠦ ᠮᠡᠲᠦ ᠪᠠᠷ ᠬᠡᠯᠡᠳᠡᠭ᠃  12. ᠮᠠᠯ ᠪᠠᠵᠠᠭᠠᠬᠤ ᠳᠠᠭᠠᠨ ᠵᠠᠪᠠᠯ ᠲᠤᠯᠤᠭᠠᠢ ᠶᠢ ᠨᠢ ᠬᠤᠶᠢᠰᠢ ᠬᠠᠨᠳᠤᠭᠤᠯᠳᠠᠬ᠃  13. ᠮᠠᠯ ᠢ ᠲᠤᠳᠠᠭᠤ ᠦᠭᠦᠭᠰᠡᠨ ᠪᠠᠶᠢᠬᠤ ᠳᠤ ᠦᠪᠴᠢᠳᠡᠭ ᠦᠬᠡᠢ᠃  14. ᠦᠭᠡᠷ ᠤᠨ ᠡᠪᠡᠷ ᠢ ᠴᠤᠬᠢᠳᠠᠬ ᠦᠬᠡᠢ᠂ ︽ᠨᠢᠭᠡ ᠦᠬᠡᠷ ᠤᠨ ᠡᠪᠡᠷ ᠢ ᠴᠤᠬᠢᠪᠠᠯ ᠮᠢᠩᠭᠠᠨ ᠦᠬᠡᠷ ᠤᠨ ᠡᠪᠡᠷ ᠲᠤᠷᠬᠢᠨ᠎ᠡ︾ ᠬᠡᠳᠡᠭ᠃  15. ᠢᠮᠠᠭᠠᠨ ᠤ ᠰᠠᠬᠠᠯ ᠠᠴᠠ ᠴᠢᠩᠭᠠᠭᠠᠳᠠᠬ ᠦᠬᠡᠢ᠂ ︽ᠢᠮᠠᠬ᠋᠎ᠠ ᠬᠠᠷᠢᠨ᠎ᠡ︾ ᠬᠡᠳᠡᠭ᠃  16. ᠰᠠᠶᠢᠨ ᠮᠤᠷᠢ ᠡᠵᠡᠨ ᠤ ᠪᠠᠨ ᠠᠮᠢᠨ ᠳᠤ ᠤᠷᠤᠨ᠎ᠡ ᠬᠡᠳᠡᠭ᠃  17. ᠬᠤᠷᠠᠭᠠᠨ ᠬᠤᠴᠠ ᠢᠰᠢᠬᠡᠨ ᠤᠬᠤᠨ᠎ᠠ ᠶᠢ ᠰᠤᠩᠭᠤᠵᠤ ᠲᠠᠯᠪᠢᠬᠤ ᠳᠠᠭᠠᠨ ᠦᠷᠦᠮ᠎ᠡ ᠲᠠᠢ ᠪᠤᠳᠠᠬ᠋᠎ᠠ ᠪᠠᠷ ᠲᠤᠯᠤᠭᠠᠢ ᠶᠢ ᠨᠢ ᠮᠢᠯᠢᠶᠠᠵᠤ ︽ᠮᠢᠩᠬ᠋᠎ᠠ ᠲᠦᠮᠡ᠂ ᠮᠢᠩᠬ᠋᠎ᠠ ᠲᠦᠮᠠ︾ ᠬᠡᠵᠤ ᠢᠷᠦᠭᠡᠳᠡᠭ᠃  18. ᠮᠠᠯ ᠳᠤ ᠢᠮ ᠲᠠᠮᠠᠭ᠎ᠠ ᠬᠢᠭᠦ ᠳᠡᠭᠡᠨ ᠮᠠᠯ ᠰᠦᠷᠦᠭ ᠢᠶᠠᠨ ᠦᠷᠡᠵᠢᠵᠤ ᠦᠰᠭᠦ ᠶᠢᠨ ᠪᠡᠯᠭᠡᠳᠡᠯ ᠲᠠᠢ ᠵᠦᠢᠯ ᠢ ᠰᠤᠩᠭᠤᠵᠤ ᠬᠢᠳᠡᠭ᠃  19. ᠮᠠᠯ ᠤᠨ ᠢᠶᠠᠨ ᠦᠨᠦᠴᠢᠨ ᠦᠷᠦᠭᠡᠰᠦᠨ ᠦᠳᠦ ᠲᠤᠭᠤᠯᠠᠩ ᠢ ᠪᠤᠯᠪᠠᠴᠤ ᠰᠠᠶᠢᠳᠤᠷ ᠠᠷᠠᠴᠢᠯᠠᠳᠠᠬ᠃ ᠲᠡᠶᠢᠮᠤ ᠪᠠᠷ ᠢᠶᠠᠨ ︽ᠦᠨᠦᠴᠢᠨ ᠢᠶᠠᠨ ᠦᠰᠭᠡᠪᠡᠯ ᠬᠦᠮᠦᠨ ᠲᠠᠢ ᠪᠤᠯᠤᠨ᠎ᠠ᠂ ᠡᠷᠭᠦᠳᠡᠭ ᠢᠶᠠᠨ ᠲᠡᠵᠢᠭᠡᠪᠡᠯ ᠮᠠᠯ ᠲᠠᠢ ᠪᠤᠯᠤᠨ᠎ᠠ︾ ᠬᠡᠳᠡᠭ᠃   20. ᠬᠡᠷ ᠤᠨ ᠤᠨᠢ ᠬᠠᠨ᠎ᠠ ᠶᠢᠨ ᠮᠤᠳᠤ ᠶᠢ ᠮᠠᠯ ᠤᠨᠤᠭᠠᠨ ᠳᠤ ᠪᠠᠷᠢᠳᠠᠬ ᠦᠬᠡᠢ᠂ ︽ᠤᠨᠢ ᠪᠠᠨ ᠰᠡᠭᠡᠯᠳᠦᠷᠭᠡ ᠠᠴᠠ ᠨᠢ ᠴᠢᠷᠦᠭᠰᠡᠨ︾ ᠬᠡᠳᠡᠭ᠃       ᠪᠡᠯᠡᠳᠭᠡᠭᠰᠡᠨ ᠨᠢ᠄ ᠼᠦᠢ ᠶᠢᠩ       ᠢᠷᠡᠯᠲᠡ᠄  ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000072号-3