ᠨᠤᠳᠤᠭ ᠤᠨ ᠬᠠᠭᠤᠴᠢ
ᠨᠡᠶᠢᠲᠡᠯᠡᠭᠰᠡᠨ ᠴᠠᠭ᠄
2021/12/14
   ᠨᠤᠳᠤᠭ ᠤᠨ ᠪᠤᠷᠤ ᠲᠤᠯᠤᠭᠠᠳ ᠮᠢᠨᠢ ᠪᠤᠭᠤᠷᠤᠯ ᠲᠡᠤᠭᠡ ᠶᠢᠨ ᠬᠠᠭᠤᠴᠢ ᠤᠯᠪᠠᠭ᠎ᠠ ᠶᠢ ᠡᠵᠡᠨ ᠤ ᠴᠢᠯᠠᠭᠤᠨ ᠪᠢᠴᠢᠭ ᠰᠢᠭ ᠮᠢᠩᠭᠠᠨ ᠭᠠᠯᠪᠠ ᠶᠢᠨ ᠰᠠᠯᠬᠢ ᠪᠤᠷᠤᠭᠠᠨ ᠤ ᠤᠬᠢᠶᠠᠯ ᠠᠷᠴᠢᠯ ᠳᠤ ᠬᠡᠶᠢᠰᠭᠡᠭᠡ ᠦᠭᠡᠢ ᠦᠯᠴᠢᠷ ᠨᠢᠯᠬ᠎ᠠ ᠴᠡᠴᠡᠭ ᠡᠪᠡᠰᠤᠨ ᠳᠡᠭᠡᠨ ᠬᠦᠷᠳᠡᠯ᠎ᠠ ᠰᠢᠪᠡᠨᠡᠨ ᠬᠠᠭᠤᠴᠢᠯᠠᠵᠤ᠂ ᠨᠠᠮ ᠲᠦᠩᠭᠦ᠋ᠢᠵᠤ ᠬᠦᠬᠡᠮᠡᠶᠢᠯᠡᠬᠦ ᠨᠢ ᠦᠯᠢᠭᠡᠷ ᠤᠨ ᠲᠠᠯᠠᠢ ᠦᠨᠳᠤᠷ ᠬᠠᠷ᠎ᠠ ᠡᠪᠦᠭᠡ ᠲᠠᠢ ᠶᠠᠭᠠᠬᠢᠭᠰᠠᠨ ᠲᠦᠰᠲᠠᠢ ᠪᠢᠯᠡ᠃ ᠡᠨᠡ ᠠᠭᠤᠯᠠᠰ ᠤᠨ ᠬᠦᠳᠤᠯ ᠬᠢᠷ᠎ᠡ᠂ ᠡᠩᠭᠡᠷ ᠪᠡᠯ᠂ ᠵᠢᠯᠠᠭ᠎ᠠ ᠬᠦᠨᠳᠡᠢ᠂ ᠨᠠᠮᠤᠭ ᠲᠠᠯ᠎ᠠ ᠪᠠᠷ ᠡᠯᠤᠨᠴᠡ ᠬᠤᠯᠤᠨᠴᠠ ᠶᠢᠨ ᠦᠶ᠎ᠠ ᠠᠴᠠ ᠡᠳᠤᠭᠡ ᠲᠤᠯᠳᠠᠯ᠎ᠠ ᠦᠢ ᠲᠦᠮᠡᠨ ᠨᠤᠳᠤᠭ ᠤᠨ ᠤᠤᠭᠠᠯ ᠲᠦᠮᠡᠨ᠂ ᠲᠡᠭᠡᠷ᠎ᠡ ᠲᠠᠢ ᠲᠤᠤᠷ᠎ᠠ ᠲᠠᠢ ᠬᠠᠩᠭᠠᠢ ᠶᠢᠨ ᠮᠦᠭᠡᠷ ᠰᠢᠭ ᠲᠡᠤᠭᠡᠨ ᠡᠷᠬᠢᠯᠭᠡᠨ ᠢ ᠲᠠᠭᠠᠵᠤ ᠠᠵᠤ ᠲᠦᠷᠤᠨ ᠦᠷᠡᠵᠢᠨ ᠲᠦᠯᠵᠢᠭᠰᠡᠭᠡᠷ ᠢᠷᠡᠭᠰᠡᠨ ᠲᠤᠬᠠᠢ ᠰᠡᠳᠬᠢᠭᠦᠶ᠎ᠠ᠂ ᠤᠬᠠᠭᠠᠨ ᠤ ᠲᠡᠭᠷᠢ ᠳᠤ ᠤᠯᠠᠮ ᠤᠯᠠᠮ ᠠᠭᠤᠯᠠ ᠤᠰᠤᠨ ᠮᠢᠨᠢ ᠰᠡᠭᠦ᠋ᠢᠨ ᠰᠦᠨᠳᠡᠷᠯᠡᠵᠤ᠂ ᠪᠢᠰᠢᠷᠡᠵᠤ ᠰᠢᠳᠤᠬᠦ ᠤᠶᠢᠯ ᠲᠠᠪᠠᠯᠭᠠᠨ ᠪᠤᠰᠤᠭᠠᠳ ᠢᠷᠡᠳᠡᠭ ᠢ ᠶᠠᠭᠠᠬᠢᠨ᠎ᠠ᠃    ᠠᠭᠤᠯᠠ ᠤᠰᠤᠨ ᠤ ᠮᠢᠨᠢ ᠨᠢᠯᠬ᠎ᠠ ᠨᠤᠭᠤᠭ᠎ᠠ᠂ ᠰᠢᠷᠭᠡᠭ ᠡᠪᠡᠰᠤᠨ ᠳᠤᠨᠢ ᠬᠦᠷᠳᠡᠯ᠎ᠠ ᠦᠯᠢᠭᠡᠷ ᠲᠤᠮᠤᠭ᠂ ᠦᠤᠭᠡ ᠲᠡᠤᠭᠡ ᠨᠢᠭᠤᠭᠳᠠᠨ ᠬᠠᠳᠠᠭᠠᠯᠠᠭᠳᠠᠵᠤ᠂ ᠴᠡᠴᠡᠨ ᠤᠬᠠᠭᠠᠨᠳᠤ ᠠᠷᠠᠳ ᠲᠦᠮᠡᠨ ᠤ ᠮᠢᠨᠢ ᠪᠡᠯᠭᠡ ᠢᠷᠤᠭᠡᠯ ᠲᠠᠢ ᠬᠠᠮᠳᠤ ᠦᠶ᠎ᠡ ᠲᠠᠮᠵᠢᠨ ᠤᠳᠤᠮ ᠲᠠᠰᠤᠷᠠᠭ᠎ᠠ ᠦᠭᠡᠢ᠂ ᠪᠤᠳᠤᠭ ᠨᠢ ᠠᠷᠢᠯᠤᠭ᠎ᠠ ᠦᠭᠡᠢ ᠮᠦᠩᠭᠡᠷᠡᠨ ᠦᠯᠡᠳᠡᠭᠰᠡᠨ ᠨᠢ ᠦᠨᠡᠭᠡᠷ ᠭᠠᠶᠢᠬᠠᠮᠰᠢᠭ᠃ ᠲᠠᠷᠠ ᠰᠠᠶᠢᠬᠠᠨ ᠦᠯᠢᠭᠡᠷ ᠲᠤᠮᠤᠭ ᠤᠳ ᠢ ᠬᠠᠭᠤᠴᠢᠯᠠᠵᠤ ᠰᠠᠭᠤᠬᠤ ᠳᠤ ᠤᠢ ᠲᠤᠢ ᠳᠤ ᠶᠧᠯᠸᠢ ᠶᠢᠨ ᠦᠵᠡᠭᠳᠡᠯ ᠬᠡᠮᠡᠷ ᠷᠢᠳᠢ ᠰᠢᠳᠢᠯᠢᠭ ᠭᠡᠷᠡᠯ ᠭᠡᠭᠡ ᠴᠠᠬᠢᠯᠤᠨ ᠪᠠᠭᠤᠨ᠎ᠠ᠃   ᠮᠢᠨᠤ ᠨᠤᠳᠤᠭ ᠭᠡᠭᠴᠢ ᠴᠢᠩᠭᠢᠰ ᠲᠡᠭᠡᠳᠤᠰ ᠤᠨ ᠤᠷᠭ᠎ᠠ ᠶᠢᠨ ᠦᠵᠤᠭᠦᠷ ᠢᠶᠠᠷ ᠢᠳᠡᠭᠡᠯᠳᠤ ᠬᠦᠯᠤᠭ᠌ ᠵᠠᠯᠠᠶᠢᠷ ᠤᠨ ᠭᠤᠸ᠎ᠠ ᠮᠤᠬᠤᠯᠠᠢ ᠳᠤ ᠦᠪᠯᠡᠨ ᠰᠤᠶᠤᠷᠬᠠᠭᠰᠠᠨ ᠲᠠᠷᠬᠠᠨ ᠤᠷᠤᠨ ᠵᠠᠯᠠᠶᠢᠳ ᠬᠤᠰᠢᠭᠤ᠃ ᠠᠳᠡ ᠦᠭᠡᠯᠤᠨ ᠦᠵᠢᠨ ᠤ ᠰᠢᠳᠤᠨ ᠲᠠᠬᠢᠵᠤ ᠭᠡᠷᠢᠶᠡᠰᠤᠯᠡᠨ ᠦᠯᠡᠳᠡᠭᠡᠭᠰᠡᠨ ᠰᠢᠳᠤᠭᠡᠨᠳᠤ ᠪᠤᠭᠳᠠ ᠬᠠᠶᠢᠷᠬᠠᠨ ᠲᠠᠢ᠂ ᠠᠯᠳᠠᠨ ᠬᠢᠩᠭᠠᠨ ᠤ ᠬᠤᠷᠮᠤᠢ ᠪᠡᠯ ᠠᠴᠠ ᠠᠷᠢᠭᠤᠨ ᠤᠨᠳᠤᠷᠤᠭ᠎ᠠ ᠲᠠᠢ ᠴᠤᠤᠯ ᠤᠨ ᠮᠦᠩᠭᠦᠨ ᠤᠰᠤᠨ ᠲᠠᠢ᠃ ᠲᠡᠶᠢᠮᠤ ᠪᠤᠯᠬᠤᠷ ᠢᠶᠠᠨ ᠠᠯᠠᠭᠠᠨ ᠤ ᠵᠢᠷᠤᠭᠠᠰᠤ ᠰᠢᠭ᠋ ᠬᠠᠳᠠᠨ ᠤ ᠬᠢᠨᠢ ᠬᠡ᠂ ᠮᠦᠩᠭᠦᠨ ᠲᠤᠪᠴᠢ ᠰᠢᠭ᠋ ᠤᠰᠤᠨ ᠤ ᠬᠢᠨᠢ ᠪᠤᠯᠤᠷ ᠲᠤᠰᠤᠯ ᠳᠤᠨᠢ ᠬᠦᠷᠳᠡᠯ᠎ᠠ ᠬᠦᠨ ᠨᠢᠭᠤᠴᠠᠯᠢᠭ ᠦᠯᠢᠭᠡᠷ ᠤᠨ ᠰᠢᠵᠢᠮ ᠨᠢᠭᠤᠴᠠᠯᠠᠭᠳᠠᠵᠤ ᠪᠠᠶᠢᠳᠠᠭ᠃ ᠡᠶᠢᠮᠤ ᠰᠠᠶᠢᠬᠠᠨ ᠲᠤᠮᠤᠭ ᠲᠤᠤᠯᠢᠰᠯᠢᠭ ᠨᠤᠳᠤᠭ ᠤᠰᠤᠨ ᠤ ᠦᠯᠢᠭᠡᠷ ᠲᠤᠮᠤᠭ ᠢ ᠦᠷ᠎ᠡ ᠠᠴᠢᠷ ᠨᠢ ᠦᠶ᠎ᠠ ᠶᠢᠨ ᠦᠶ᠎ᠠ ᠤᠳᠤᠮ ᠤᠨ ᠤᠳᠤᠮ ᠦᠬᠦᠯᠡᠵᠤ ᠶᠠᠷᠢᠭᠠᠳ ᠦᠨᠡᠭᠡᠷ ᠲᠠᠭᠤᠰᠤᠰᠢ ᠦᠭᠡᠢ ᠨᠢ ᠲᠡᠭᠷᠢ ᠭᠠᠵᠠᠷ ᠤᠨ ᠬᠡᠰᠢᠭ ᠢᠪᠡᠭᠡᠯᠳᠤ ᠴᠡᠴᠡᠨ ᠤᠬᠠᠭᠠᠨᠳᠤ ᠮᠠᠯᠴᠢᠨ ᠲᠦᠮᠡᠨ ᠤ ᠮᠠᠨᠢ ᠦᠨᠢ ᠤᠳᠠᠭᠠᠨ ᠡᠳᠤᠷ ᠬᠤᠨᠤᠭ ᠰᠦᠰᠤᠭ᠍ᠯᠡᠨ ᠵᠠᠯᠪᠠᠷᠢᠵᠤ ᠢᠳᠡᠭᠡᠰᠢᠨ ᠨᠤᠳᠤᠭᠰᠢᠭᠰᠠᠨ ᠲᠠᠢ ᠰᠠᠯᠤᠰᠢ ᠦᠭᠡᠢ ᠬᠤᠯᠪᠤᠭ᠎ᠠ ᠲᠠᠢ ᠭᠡᠳᠡᠭ ᠲᠤ ᠡᠷᠡᠭᠡᠯᠵᠡᠬᠦ ᠦᠭᠡᠢ᠃    ᠵᠠᠯᠠᠶᠢᠳ ᠬᠤᠰᠢᠭᠤᠨ ᠤ ᠠᠯᠳᠠᠷᠳᠤ ᠰᠤᠮᠤᠨ ᠳᠤ ᠲᠠᠭᠳᠤ ᠶᠢᠨ ᠠᠭᠤᠢ ᠭᠡᠬᠦ ᠪᠤᠷᠬᠠᠨ ᠤ ᠤᠷᠤᠨ ᠪᠠᠶᠢᠳᠠᠭ᠃ ᠲᠠᠭᠳᠤ ᠶᠢᠨ ᠠᠭᠤᠢ ᠶᠢᠨ ᠬᠦᠢᠳᠡᠨ ᠷᠠᠰᠢᠶᠠᠨ ᠬᠦᠵᠤᠭᠦᠤ ᠰᠡᠭᠡᠷ᠂ ᠬᠦᠯ ᠨᠢᠷᠤᠭᠤ᠂ ᠲᠠᠪᠤᠨ ᠴᠤᠯᠤ᠂ ᠶᠢᠰᠤᠨ ᠡᠷᠭᠡᠳᠡᠨ ᠳᠤ ᠲᠤᠰᠠ ᠲᠠᠢ ᠪᠠᠶᠢᠳᠠᠭ ᠢᠶᠠᠷ ᠢᠶᠠᠨ ᠬᠤᠯᠠ ᠤᠶᠢᠷ᠎ᠠ ᠳᠠᠭᠠᠨ ᠲᠠᠭᠤᠷᠢᠰᠴᠤ᠂ ᠬᠤᠨᠤᠭᠤᠳᠠ ᠦᠨᠵᠢᠭᠦᠳᠠ ᠬᠦᠮᠤᠰ ᠬᠤᠷᠠᠨ ᠴᠤᠭᠯᠠᠷᠠᠳᠠᠭ᠃ ᠡᠨᠡ ᠷᠠᠰᠢᠶᠠᠨ ᠮᠤᠨᠳᠠᠭ ᠲᠤᠮᠤ ᠷᠢᠳᠢ ᠰᠢᠳᠢ ᠲᠠᠢ ᠪᠠᠶᠢᠳᠠᠭ ᠨᠢ ᠲᠤᠮᠤᠭ ᠲᠤᠤᠯᠢ ᠳᠤ ᠶᠠᠷᠢᠭᠳᠠᠳᠠᠭ ᠲᠤᠭᠰᠢᠨ ᠬᠠᠷ᠎ᠠ ᠮᠠᠩ ᠮᠤᠭᠠᠢ ᠶᠢ ᠲᠠᠷᠤᠭᠰᠠᠨ ᠭᠡᠭᠡᠨ ᠬᠤᠳᠤᠭᠳᠤ ᡀᠠᠷᠠᠮᠪᠠ ᠶᠢᠨ ᠨᠤᠮᠯᠠᠵᠤ ᠠᠷᠢᠭᠤᠯᠠᠭᠰᠠᠨ ᠭᠠᠵᠠᠷ ᠠᠴᠠ ᠪᠤᠯᠤᠭᠰᠠᠨ ᠭᠡᠳᠡᠭ᠃   ᠡᠷᠳᠡ ᠪᠠᠯᠠᠷ ᠤᠨ ᠴᠠᠭ ᠲᠤ᠂ ᠦᠵᠤᠮᠦᠴᠢᠨ ᠨᠤᠳᠤᠭ ᠲᠤ ᡀᠠᠷᠠᠮᠪᠠ ᠲᠤᠷᠠᠮᠪᠠ ᠬᠤᠶᠠᠷ ᠰᠠᠨᠠᠭ᠎ᠠ ᠪᠤᠳᠤᠯᠭ᠎ᠠ ᠵᠦᠷᠢᠭᠰᠡᠨ ᠠᠴᠠ ᠶᠡᠭᠡ ᠲᠡᠪᠵᠢᠶᠠᠨ ᠡᠭᠦᠰᠴᠤ᠂ ᠨᠡᠷ᠎ᠡ ᠬᠦᠨᠳᠤᠳᠤ ᠱᠠᠵᠢᠨ ᠤ ᠨᠢᠭᠡᠨ ᠴᠤᠯᠠᠳᠠᠨ ᠭᠡᠭᠡᠨ ᠬᠤᠳᠤᠭᠳᠤ ᡀᠠᠷᠠᠮᠪᠠ ᠵᠡᠭᠦᠨᠰᠢ ᠵᠠᠯᠠᠷᠠᠬᠤ ᠪᠠᠷ ᠠᠷᠰᠢ ᠶᠢᠨ ᠤᠷᠤᠨ ᠢᠶᠠᠨ ᠰᠢᠯᠢᠭᠦ ᠳᠤ ᠦᠵᠡᠯᠭᠡ ᠲᠦᠯᠭᠡ ᠳᠤᠨᠢ ᠵᠠᠯᠠᠶᠢᠳ ᠨᠤᠳᠤᠭ ᠤᠨ ᠲᠠᠭᠳᠤ ᠶᠢᠨ ᠠᠭᠤᠯᠨ ᠬᠦᠳᠡᠩ ᠮᠠᠨᠠᠨ ᠤ ᠲᠤᠮᠳᠠ ᠠᠯᠳᠠᠨ ᠰᠢᠷ᠎ᠠ ᠭᠡᠷᠡᠯ ᠰᠠᠴᠤᠷᠡᠭᠤᠯᠵᠤ ᠲᠤᠳᠤᠷᠠᠭᠰᠠᠨ ᠭᠡᠨ᠎ᠡ᠃ ᠢᠩᠬᠢᠭᠡᠳ ᠳᠡᠨᠳᠡ ᠭᠡᠭᠡᠨ ᠬᠤᠳᠤᠭᠳᠤ ᡀᠠᠷᠠᠮᠪᠠ ᠡᠭᠦᠯᠡ ᠬᠦᠯᠬᠡᠯᠡᠨ ᠵᠠᠯᠠᠷᠠᠨ ᠢᠷᠡᠵᠤ ᠬᠦᠯ ᠬᠤᠷᠢᠶᠠᠵᠤ ᠪᠠᠭᠤᠭᠰᠠᠨ ᠭᠡᠳᠡᠭ᠃ ᠲᠤᠬᠠᠢ ᠶᠢᠨ ᠦᠶ᠎ᠠ ᠳᠤ ᠲᠠᠭᠳᠤ ᠶᠢᠨ ᠠᠭᠤᠯᠠ ᠨᠢ ᠶᠠᠭ ᠮᠠᠩ ᠮᠤᠭᠠᠢ ᠳᠤ ᠪᠠᠴᠢᠯᠠᠭᠳᠠᠵᠤ᠂ ᠦᠨᠦᠬᠢ ᠮᠠᠩ ᠮᠤᠭᠠᠢ ᠬᠤᠤᠷᠳᠤ ᠬᠡᠯᠡ ᠪᠠᠨ ᠭᠤᠰᠢᠪᠠᠯᠵᠠᠭᠤᠯᠤᠨ ᠦᠯᠤᠨ ᠭᠡᠳᠡᠰᠤ ᠪᠠᠨ ᠴᠢᠷᠦᠨ᠂ ᠤᠶᠢᠷ᠎ᠠ ᠤᠷᠴᠢᠮ ᠤᠨ ᠲᠠᠭᠠᠷᠠᠯᠳᠤᠭᠰᠠᠨ ᠪᠦᠭᠦᠨ ᠢ ᠵᠠᠯᠬᠢᠵᠤ᠂ ᠠᠷᠠᠳ ᠲᠦᠮᠡᠨ ᠭᠠᠰᠠᠯᠠᠩ ᠵᠤᠪᠠᠯᠠᠩ ᠤᠨ ᠲᠠᠯᠠᠢ ᠳᠤ ᠱᠤᠩᠪᠠᠵᠤ᠂ ᠬᠦᠮᠤᠨ ᠠᠮᠢᠳᠠᠨ ᠠᠮᠢᠳᠤᠷᠠᠵᠤ ᠤᠷᠤᠩᠨᠠᠬᠤ ᠶᠢᠨ ᠠᠷᠭ᠎ᠠ ᠦᠭᠡᠢ ᠪᠤᠯᠤᠭᠰᠠᠨ ᠪᠠᠶᠢᠵᠠᠢ᠃ ᠨᠤᠮ ᠤᠨ ᠤᠯᠠᠷᠢᠯ ᠦᠯᠡᠮᠵᠢ ᠭᠡᠭᠡᠨ ᠬᠤᠳᠤᠭᠳᠤ ᡀᠠᠷᠠᠮᠪᠠ ᠲᠠᠭᠳᠤ ᠶᠢᠨ ᠠᠭᠤᠢ ᠳᠤ ᠢᠷᠡᠮᠡᠭᠴᠡ ᠰᠦᠮ᠎ᠡ ᠲᠤᠭᠠᠩ ᠴᠤᠭᠴᠠᠯᠠᠨ ᠡᠭᠦᠳᠡ ᠬᠠᠭᠠᠯᠭ᠎ᠠ ᠪᠠᠨ ᠴᠡᠯᠠᠶᠢᠳᠠᠯ᠎ᠠ ᠨᠡᠭᠡᠭᠡᠭᠡᠳ ᠱᠠᠪᠢ ᠨᠠᠷ ᠲᠠᠢ ᠪᠠᠨ ᠬᠠᠮᠳᠤ ᠡᠳᠤᠷ ᠡᠳᠤᠷ ᠨᠤᠮ ᠴᠤᠤ ᠬᠤᠷᠠᠪᠠ ᠭᠡᠨ᠎ᠡ᠃ ᠮᠠᠩ ᠮᠤᠭᠠᠢ ᠭᠡᠭᠡᠨ ᠬᠤᠳᠤᠭᠳᠤ ᠶᠢᠨ ᠡᠭᠦᠳᠡᠨ ᠳᠤ ᠬᠠᠯᠳᠠᠷ᠎ᠠ ᠢᠷᠡᠭᠦ ᠲᠠᠢ ᠵᠡᠷᠬᠡ ᠨᠤᠮ ᠤᠨ ᠰᠦᠷ ᠠᠴᠠ ᠨᠢ ᠡᠮᠢᠶᠡᠨ ᠬᠡᠯᠡ ᠪᠠᠨ ᠭᠤᠰᠢᠪᠠᠯᠵᠠᠭᠤᠯᠤᠨ ᠨᠤᠮᠤᠬᠠᠨ ᠬᠡᠪᠳᠡᠭᠰᠡᠭᠡᠷ ᠡᠳᠤᠷ ᠢᠷᠡᠭᠦᠶ᠎ᠠ ᠬᠦᠴᠤᠨ ᠴᠢᠳᠠᠯ ᠲᠤᠷᠦ᠋ᠢᠳᠠᠭᠠᠳ ᠡᠴᠤᠰ ᠲᠤ ᠲᠦᠭᠡ ᠬᠢᠷᠢᠲᠠᠢ ᠵᠢᠭᠠᠬᠠᠨ ᠮᠤᠭᠠᠢ ᠬᠤᠪᠢᠯᠪᠠ ᠭᠡᠨ᠎ᠡ᠃ ᠲᠡᠷᠡ ᠡᠳᠤᠷ ᠠᠴᠠ ᠡᠬᠢᠯᠡᠨ ᠮᠠᠩ ᠮᠤᠭᠠᠢ ᠶᠢ ᠲᠠᠷᠤᠭᠰᠠᠨ ᠭᠡᠭᠡᠨ ᠬᠤᠳᠤᠭᠳᠤ ᡀᠠᠷᠠᠮᠪᠠ ᠶᠢᠨ ᠠᠯᠳᠠᠷ ᠴᠤᠤ ᠮᠠᠨᠳᠤᠵᠤ᠂ ᠠᠭᠤᠯᠠᠨ ᠬᠢᠷ᠎ᠠ ᠶᠢᠨ ᠬᠠᠳᠠᠨ ᠵᠠᠪᠰᠡᠷ ᠠᠴᠠ ᠤᠨᠳᠤᠷᠳᠠᠭ ᠬᠦᠢᠳᠡᠨ ᠪᠤᠯᠠᠭ ᠤᠨ ᠤᠰᠤ ᠨᠢ ᠤᠳᠤᠯᠭ᠎ᠠ ᠨᠤᠮ ᠳᠤ ᠡᠷᠤᠳᠡᠰᠤ ᠰᠢᠮ᠎ᠠ ᠨᠢ ᠡᠯᠪᠡᠭᠵᠢᠨ ᠡᠪᠡᠳᠴᠢᠨ ᠲᠠᠬᠤᠯ ᠢ ᠡᠳᠡᠭᠡᠳᠡᠭ ᠬᠤᠪᠢᠯᠭᠠᠨ ᠰᠢᠳᠢ ᠲᠠᠢ ᠪᠤᠯᠵᠦ᠂ ᠡᠨᠡ ᠬᠠᠪᠢ ᠨᠤᠳᠤᠭ ᠤᠨ ᠠᠳᠤᠭᠤ ᠮᠠᠯ ᠦᠨᠢᠷ ᠦᠰᠴᠤ᠂ ᠬᠦᠮᠤᠨ ᠠᠷᠠᠳ ᠰᠡᠳᠬᠢᠯ ᠠᠮᠤᠷ᠂ ᠲᠠᠶᠢᠪᠤᠩ ᠰᠠᠶᠢᠬᠠᠨ ᠵᠢᠷᠭᠠᠭᠰᠠᠨ ᠭᠡᠨ᠎ᠡ᠃   ᠡᠶᠢᠮᠤ ᠰᠠᠶᠢᠬᠠᠨ ᠦᠯᠢᠭᠡᠷ ᠲᠤᠮᠤᠭ ᠢ ᠬᠡᠯᠡᠭᠡᠳ ᠪᠠᠷᠠᠰᠢ ᠦᠭᠡᠢ᠂ ᠪᠢᠴᠢᠭᠡᠳ ᠲᠠᠭᠤᠰᠤᠰᠢ ᠦᠭᠡᠢ᠃ ᠨᠤᠭᠤᠨ ᠪᠤᠯᠤᠨ ᠵᠠᠶᠠᠭᠠᠭᠰᠠᠨ ᠳᠠᠭᠠᠨ ᠬᠢᠵᠠᠭᠠᠷ ᠦᠭᠡᠢ ᠤᠮᠤᠭᠰᠢᠯ ᠪᠠᠭ᠋ᠠᠷᠬᠠᠯ ᠲᠦᠷᠤᠭ᠍ᠳᠡᠬᠦ ᠦᠭᠡᠢ ᠶᠠᠭᠠᠬᠢᠬᠤ ᠪᠤᠢ᠃ ᠤᠰᠤ ᠨᠤᠳᠤᠭ ᠤᠨ ᠢᠶᠠᠨ ᠬᠦᠭᠵᠢᠯ ᠪᠠᠳᠠᠷᠠᠯ ᠳᠤ ᠲᠤᠰᠤᠯ ᠬᠦᠴᠤ ᠪᠠᠨ ᠴᠦ ᠡᠷᠭᠦᠬᠦ ᠵᠤᠷᠢᠭ ᠰᠢᠨᠳᠠᠰᠤ ᠬᠦᠪᠴᠢᠨ ᠠᠭᠤᠯᠠᠨ ᠤ ᠪᠠᠨ ᠬᠠᠳᠠ ᠴᠢᠯᠠᠭᠤ ᠰᠢᠭ᠋ ᠬᠠᠳᠠᠭᠤᠵᠢᠨ ᠴᠢᠩᠭᠠᠷᠠᠵᠤ ᠢᠷᠡᠨᠠᠮ᠃           ᠪᠡᠯᠡᠳᠭᠡᠭᠰᠡᠨ ᠨᠢ᠄ ᠼᠦᠢ ᠶᠢᠩ       ᠢᠷᠡᠯᠲᠡ᠄  ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000072号-3