| ᠨᠠᠰᠤᠨ ᠳᠤ ᠥᠯᠥ ᠭᠦᠷᠦᠭᠰᠡᠳ ᠤᠨ ᠬᠠᠤᠯᠢ ᠪᠠᠷ ᠵᠠᠰᠠᠬᠤ ᠬᠡᠪ ᠪᠣᠯᠪᠠᠰᠤᠷᠠᠯ ᠢ ᠳᠡᠭᠡᠭᠰᠢᠯᠡᠭᠦᠯᠵᠦ᠂ | ᠵᠠᠯᠠᠭᠤᠴᠤᠳ ᠪᠠᠭᠠᠴᠤᠳ ᠤᠨ ᠬᠠᠤᠯᠢ ᠶᠢ ᠵᠥᠷᠢᠴᠡᠵᠦ ᠶᠠᠯ᠎ᠠ ᠬᠢᠬᠦ ᠶᠢ ᠡᠬᠢ ᠡᠭᠦᠰᠦᠯ ᠠᠴᠠ ᠨᠢ ᠤᠷᠢᠳᠴᠢᠯᠠᠨ | ᠰᠡᠷᠭᠡᠶᠢᠯᠡᠵᠦ᠂ ᠨᠠᠰᠤᠨ ᠳᠤ ᠥᠯᠥ ᠭᠦᠷᠦᠭᠰᠡᠳ ᠤᠨ ᠥᠪᠡᠷ ᠢ ᠪᠠᠨ ᠬᠠᠮᠠᠭᠠᠯᠠᠬᠤ ᠦᠵᠡᠯ ᠤᠬᠠᠮᠰᠠᠷ ᠪᠠ | ᠴᠢᠳᠠᠪᠤᠷᠢ ᠶᠢ ᠴᠢᠩᠭᠠᠳᠬᠠᠬᠤ ᠶᠢᠨ ᠲᠤᠰᠠᠳᠠ᠂ 4 ᠰᠠᠷ᠎ᠠ ᠶᠢᠨ 10 ᠤ ᠡᠳᠦᠷ᠂ ᠹᠧᠩᠵᠧᠨ ᠬᠤᠳᠠ ᠶᠢᠨ | ᠠᠷᠠᠳ ᠤᠨ ᠪᠠᠶᠢᠴᠠᠭᠠᠬᠤ ᠬᠤᠷᠢᠶ᠎ᠠ ᠶᠢᠨ ᠠᠵᠢᠯᠳᠠᠳ ᠹᠧᠩᠵᠧᠨ ᠬᠤᠳᠠ ᠶᠢᠨ ᠬᠠᠩ ᠲᠢᠶᠠᠨ ᠪᠠᠭ᠎ᠠ ᠰᠤᠷᠭᠠᠭᠤᠯᠢ ᠳᠤ | ᠬᠦᠷᠴᠦ᠂ ︽ᠬᠠᠤᠯᠢᠵᠢᠯ ᠤᠨ ᠤᠷᠢᠬᠠᠨ ᠰᠠᠯᠬᠢ ᠦᠰᠦᠨ ᠪᠤᠶᠢᠵᠢᠯᠲᠠ ᠶᠢ ᠰᠠᠬᠢᠨ ᠬᠠᠤᠯᠢ ᠲᠠᠢ ᠬᠠᠮᠲᠤ | ᠤᠷᠤᠭᠰᠢᠯᠠᠨ ᠢᠷᠡᠭᠡᠳᠦᠢ ᠶᠢ ᠬᠠᠮᠠᠭᠠᠯᠠᠬᠤ︾ ᠬᠠᠤᠯᠢᠵᠢᠯ ᠤᠨ ᠤᠬᠠᠭᠤᠯᠭ᠎ᠠ ᠶᠢ ᠰᠤᠷᠭᠠᠭᠤᠯᠢ ᠶᠢᠨ ᠬᠦᠷᠢᠶᠡᠨ ᠳᠤ | ᠤᠷᠤᠭᠤᠯᠬᠤ ᠭᠤᠣᠯ ᠰᠡᠳᠦᠪᠲᠦ ᠠᠵᠢᠯᠯᠠᠭ᠎ᠠ ᠥᠷᠨᠢᠭᠦᠯᠵᠦ᠂ ᠪᠠᠭᠰᠢ ᠰᠤᠷᠤᠭᠴᠢᠳ ᠲᠤ ᠬᠠᠤᠯᠢᠵᠢᠯ ᠤᠨ ᠮᠡᠳᠡᠯᠭᠡ | ᠪᠠ ᠰᠣᠶᠣᠯ ᠢᠷᠭᠡᠨᠰᠢᠯ ᠤᠨ ᠬᠠᠶᠢᠷ᠎ᠠ ᠬᠠᠯᠠᠮᠵᠢ ᠶᠢ ᠬᠦᠷᠭᠡᠪᠡ᠃ | | ᠠᠵᠢᠯᠯᠠᠭ᠎ᠠ ᠶᠢᠨ ᠳᠤᠮᠳᠠ᠂ ᠪᠠᠶᠢᠴᠠᠭᠠᠬᠤ ᠠᠵᠢᠯᠳᠠᠨ ᠨᠡᠶᠢᠭᠡᠮ ᠤᠨ ᠬᠠᠯᠠᠮᠰᠢᠯ ᠠᠰᠠᠭᠤᠳᠠᠯ ᠤᠨ ᠬᠡᠷᠡᠭ ᠢᠶᠠᠷ | ᠭᠠᠷᠳᠠᠴᠠ ᠪᠤᠯᠭᠠᠨ᠂ ᠲᠦᠭᠦᠮ ᠣᠶᠢᠯᠠᠭᠠᠮᠵᠢᠲᠠᠶ ᠦᠭᠡ ᠬᠡᠯᠡ ᠪᠠᠷ ᠲᠠᠶᠢᠯᠪᠤᠷᠢᠯᠠᠬᠤ ᠪᠠ ᠺᠠᠷᠲ᠋ᠣᠨ ᠸᠢᠳᠢᠣ᠋ ᠶᠢᠨ | ᠬᠡᠷᠡᠭ ᠤᠨ ᠵᠢᠱᠢᠶ᠎ᠡ ᠶᠢᠨ ᠲᠣᠳᠣᠷᠬᠠᠶᠢᠯᠠᠯᠲᠠ ᠶᠢ ᠨᠡᠪᠲᠡᠷᠡᠭᠦᠯᠬᠦ ᠵᠡᠷᠭᠡ ᠬᠡᠯᠪᠡᠷᠢ ᠪᠠᠷ ᠲᠤᠰᠬᠠᠶ ᠮᠡᠷᠭᠡᠵᠢᠯ ᠤᠨ ᠬᠠᠤᠯᠢ | ᠴᠠᠭᠠᠵᠠ ᠶᠢᠨ ᠮᠡᠳᠡᠯᠭᠡ ᠶᠢ ᠰᠤᠷᠤᠭᠴᠢᠳ ᠤᠨ ᠠᠮᠠᠷᠬᠠᠨ ᠬᠦᠯᠢᠶᠡᠨ ᠠᠪᠬᠤ ᠠᠭᠤᠯᠭ᠎ᠠ ᠪᠣᠯᠭᠠᠨ ᠬᠤᠪᠢᠷᠠᠭᠤᠯᠪᠠ᠃ | ᠢᠳᠡᠭᠡᠨ ᠤ ᠠᠮᠤᠷ ᠲᠦᠪᠰᠢᠨ᠂ ᠰᠦᠯᠵᠢᠶᠡᠨ ᠤ ᠠᠮᠤᠷ ᠲᠦᠪᠰᠢᠨ᠂ ᠰᠤᠷᠭᠠᠭᠤᠯᠢ ᠶᠢᠨ ᠬᠦᠷᠢᠶᠡᠨ ᠤ ᠲᠤᠷᠤᠮᠵᠢᠯᠠᠯ | ᠵᠡᠷᠭᠡ ᠵᠠᠯᠠᠭᠤᠴᠤᠳ ᠪᠠᠭᠠᠴᠤᠳ ᠤᠨ ᠳᠡᠷᠭᠡᠳᠡ ᠪᠠᠶᠢᠩᠭᠤ ᠲᠣᠬᠢᠶᠠᠯᠳᠤᠳᠠᠭ ᠠᠰᠠᠭᠤᠳᠠᠯ ᠤᠨ ᠲᠣᠭᠤᠷᠢᠨ ᠳᠤ᠂ | ᠬᠤᠯᠪᠣᠭᠳᠠᠯ ᠪᠦᠬᠦᠢ ᠮᠡᠳᠡᠯᠭᠡ ᠶᠢ ᠭᠦᠨᠵᠡᠭᠡᠢ ᠪᠥᠭᠡᠳ ᠣᠶᠢᠯᠠᠭᠠᠮᠵᠢᠲᠠᠢ ᠪᠠᠷ ᠲᠠᠶᠢᠯᠪᠤᠷᠢᠯᠠᠵᠤ᠂ ᠰᠤᠷᠭᠠᠭᠤᠯᠢ ᠶᠢᠨ | ᠬᠦᠷᠢᠶᠡᠨ ᠤ ᠲᠤᠷᠤᠮᠵᠢᠯᠠᠯ ᠤᠨ ᠢᠯᠡᠷᠡᠯ ᠤᠨ ᠬᠡᠯᠪᠡᠷᠢ᠂ ᠬᠤᠣᠷ ᠬᠥᠨᠥᠭᠡᠯ ᠵᠢᠴᠢ ᠠᠷᠭᠠᠴᠠᠭᠠᠬᠤ ᠪᠠ ᠰᠡᠷᠭᠡᠶᠢᠯᠡᠬᠦ | ᠠᠷᠭ᠎ᠠ ᠶᠢ ᠨᠠᠷᠢᠨ ᠨᠢᠭᠲᠠ ᠵᠠᠳᠠᠯᠤᠨ ᠰᠢᠨᠵᠢᠯᠠᠪᠡ᠃ ᠣᠨᠴᠠᠭᠠᠶᠢᠯᠠᠨ ᠵᠦᠢ ᠶᠣᠰᠣᠨ ᠤ ᠬᠠᠮᠠᠭᠠᠯᠠᠯᠲᠠ᠂ ᠡᠷᠡᠭᠦᠦ ᠶᠢᠨ | ᠬᠠᠷᠢᠭᠤᠴᠠᠯᠭ᠎ᠠ ᠡᠭᠦᠷᠭᠡᠯᠡᠬᠦ ᠨᠠᠰᠤ ᠵᠢᠯ ᠵᠢᠴᠢ ᠰᠤᠷᠭᠠᠭᠤᠯᠢ ᠶᠢᠨ ᠬᠦᠷᠢᠶᠡᠨ ᠤ ᠲᠤᠷᠤᠮᠵᠢᠯᠠᠯ ᠠᠴᠠ ᠪᠤᠯᠵᠤ ᠮᠡᠳᠡᠬᠦ | ᠳᠡᠭᠡᠷᠡᠮᠳᠡᠬᠦ᠂ ᠵᠣᠷᠢᠭᠤᠳᠠ ᠭᠡᠮᠲᠦᠭᠡᠬᠦ᠂ ᠦ ᠡᠷᠢᠵᠦ ᠬᠡᠷᠡᠭ ᠡᠳᠦᠬᠦ ᠵᠡᠷᠭᠡ ᠶᠠᠯᠠᠲᠤ ᠠᠵᠢᠯᠯᠠᠭ᠎ᠠ ᠳᠤ | ᠬᠤᠯᠪᠣᠭᠳᠠᠭᠰᠠᠨ ᠬᠠᠤᠯᠢ ᠴᠠᠭᠠᠵᠠ ᠶᠢᠨ ᠮᠡᠳᠡᠯᠭᠡ ᠳᠤ ᠴᠢᠭᠯᠡᠭᠦᠯᠦᠨ ᠭᠤᠣᠯᠳᠠᠯᠭ᠎ᠠ ᠲᠠᠢ ᠪᠠᠷ ᠲᠠᠶᠢᠯᠪᠤᠷᠢᠯᠠᠯᠲᠠ ᠬᠢᠪᠡ᠃ | ᠬᠡᠷᠡᠭ ᠢᠶᠠᠷ ᠬᠠᠤᠯᠢ ᠶᠢ ᠲᠠᠶᠢᠯᠪᠤᠷᠢᠯᠠᠬᠤ ᠪᠠᠷ ᠳᠠᠮᠵᠢᠭᠤᠯᠤᠨ᠂ ᠰᠤᠷᠤᠭᠴᠢᠳ ᠢ ᠬᠥᠲᠥᠯᠥᠨ ᠵᠢᠯᠣᠭᠤᠳᠴᠤ ᠪᠠᠶᠢᠭᠠᠳ | ᠬᠠᠤᠯᠢ ᠪᠠᠷ ᠵᠠᠰᠠᠬᠤ ᠵᠥᠪ ᠣᠶᠢᠯᠠᠭᠠᠭᠳᠠᠬᠤᠨ ᠲᠠᠢ ᠪᠣᠯᠭᠠᠵᠤ᠂ ᠤᠬᠠᠮᠰᠠᠷ ᠠᠴᠠ ᠪᠠᠨ ᠬᠠᠤᠯᠢ ᠶᠢ ᠬᠦᠨᠳᠦᠳᠬᠡᠬᠦ᠂ | ᠬᠠᠤᠯᠢ ᠶᠢ ᠰᠤᠷᠤᠯᠴᠠᠬᠤ᠂ ᠬᠠᠤᠯᠢ ᠶᠢ ᠰᠠᠬᠢᠬᠤ᠂ ᠬᠠᠤᠯᠢ ᠶᠢ ᠬᠡᠷᠡᠭᠯᠡᠬᠦ ᠪᠣᠯᠭᠠᠵᠤ᠂ ᠬᠠᠤᠯᠢ ᠪᠠᠷ ᠵᠠᠰᠠᠬᠤ ᠤᠬᠠᠮᠰᠠᠷ᠂ | ᠠᠮᠤᠷ ᠲᠦᠪᠰᠢᠨ ᠤ ᠰᠡᠷᠭᠡᠶᠢᠯᠡᠯᠲᠡ ᠶᠢᠨ ᠤᠬᠠᠮᠰᠠᠷ ᠪᠠ ᠥᠪᠡᠷ ᠢ ᠪᠠᠨ ᠬᠠᠮᠠᠭᠠᠯᠠᠬᠤ ᠴᠢᠳᠠᠪᠤᠷᠢ ᠶᠢ ᠨᠢ ᠲᠠᠰᠤᠷᠠᠯᠳᠠ | ᠦᠭᠡᠢ ᠴᠢᠩᠭᠠᠷᠠᠭᠤᠯᠵᠤ᠂ ᠬᠠᠤᠯᠢ ᠶᠢ ᠮᠡᠳᠡᠵᠦ ᠬᠠᠤᠯᠢ ᠶᠢ ᠰᠠᠬᠢᠬᠤ ᠰᠠᠶᠢᠨ ᠪᠠᠭᠠᠴᠤᠳ ᠪᠤᠯᠭᠠᠨ᠎ᠠ᠃ | | ᠬᠠᠷᠢᠯᠴᠠᠨ ᠬᠥᠳᠡᠯᠦᠯᠴᠡᠬᠦ ᠶᠠᠪᠤᠴᠠ ᠳᠤ᠂ ᠰᠤᠷᠤᠭᠴᠢᠳ ᠢᠳᠡᠪᠬᠢᠲᠡᠶ ᠪᠠᠷ ᠶᠠᠷᠢᠶ᠎ᠠ ᠲᠠᠯᠪᠢᠵᠤ᠂ ᠥᠪᠡᠷ ᠤᠨ | ᠪᠡᠶ᠎ᠡ ᠪᠠᠨ ᠬᠠᠮᠠᠭᠠᠯᠠᠬᠤ ᠲᠤᠬᠠᠶ ᠣᠶᠢᠯᠠᠭᠠᠯᠲᠠ ᠪᠠ ᠠᠷᠭ᠎ᠠ ᠬᠢᠳᠡᠯ ᠢᠶᠠᠨ ᠢᠳᠡᠪᠬᠢᠲᠡᠶ ᠪᠠᠷ ᠬᠤᠪᠢᠶᠠᠯᠴᠠᠵᠤ᠂ ᠠᠬᠤᠶ | ᠲᠠᠯᠠᠪᠠᠶ ᠶᠢᠨ ᠠᠭᠤᠷ ᠠᠮᠢᠰᠬᠤᠯ ᠬᠥᠷ ᠬᠥᠭᠵᠢᠶᠡᠨ ᠲᠠᠢ ᠪᠠᠶᠢᠯ᠎ᠠ᠃ ᠲᠤᠰ ᠤᠳᠠᠭᠠᠨ ᠤ ᠬᠠᠤᠯᠢ ᠪᠠᠷ ᠵᠠᠰᠠᠬᠤ | ᠬᠢᠴᠢᠶᠡᠯ ᠨᠢ ︽ᠪᠤᠲᠠᠲᠤ ᠬᠡᠷᠡᠭᠴᠡᠭᠡ ᠲᠠᠢ ᠨᠡᠶᠢᠴᠡᠵᠦ᠂ ᠬᠠᠯᠠᠮᠰᠢᠯ ᠠᠰᠠᠭᠤᠳᠠᠯ ᠲᠠᠢ ᠨᠢᠭᠲᠠ ᠤᠶᠠᠯᠳᠤᠵᠤ︾᠂ | ᠬᠡᠷᠡᠭᠯᠡᠭᠡᠨ ᠤ ᠴᠢᠨᠠᠷ ᠢᠶᠠᠷ ᠴᠢᠩᠭ᠎ᠠ ᠪᠠᠶᠢᠵᠤ᠂ ᠳᠤᠮᠳᠠ ᠠᠴᠠ ᠨᠢ ᠶᠡᠭᠡ ᠠᠰᠢᠭ ᠭᠥᠷᠳᠡᠭᠰᠡᠨ ᠪᠠᠶᠢᠨ᠎ᠠ ᠬᠡᠵᠦ | ᠣᠯᠠᠨ ᠢᠶᠠᠷ ᠢᠶᠠᠨ ᠰᠠᠨᠠᠯ ᠨᠢᠭᠡᠲᠡᠶ ᠢᠯᠡᠷᠬᠡᠶᠢᠯᠡᠵᠡᠭᠡᠨ᠎ᠡ᠃ | | | ᠵᠣᠬᠢᠶᠠᠭᠴᠢ᠄ ᠰᠢᠤᠸᠠᠨ ᠶᠠᠨ | ᠨᠠᠶᠢᠷᠠᠭᠤᠯᠤᠭᠴᠢ᠄ ᠯᠢ ᠰᠧ ᠬᠤᠢ | ᠬᠢᠨᠠᠨ ᠬᠠᠷᠭᠤᠭᠤᠯᠤᠭᠴᠢ᠄ ᠶᠠᠨ ᠬᠤᠸᠠᠢ ᡁᠢ | ᠡᠴᠦᠰ ᠤᠨ ᠬᠢᠨᠠᠯᠲᠠ᠄ ᠵᠠᠩ ᠰᠢᠶᠤᠤ ᠵᠢᠶᠦ᠋ᠨ ᠵᠧᠤ ᠵᠢᠶᠦ᠋ᠨ ᠫᠢᠩ | ᠤᠷᠴᠢᠭᠤᠯᠤᠭᠴᠢ᠄ ᠬᠠᠨ ᠰᠢᠶᠤᠤ ᠿᠦᠩ | ᠬᠢᠨᠠᠭᠴᠢ᠄ ᠼᠦᠢ ᠶᠢᠩ | |