ᠹᠧᠩᠵᠧᠨ ᠬᠤᠲᠠ ᠳᠤ 2025 ᠣᠨ ᠤ ︽ᠬᠠᠪᠤᠷ ᠤᠨ ᠰᠠᠯᠬᠢᠨ ᠤ ᠠᠵᠢᠯᠯᠠᠭ᠎ᠠ᠂ ᠬᠥᠯᠥᠰᠦᠨ ᠠᠵᠢᠯᠴᠢᠨ ᠤ ᠰᠡᠳᠬᠢᠯ ᠢ ᠲᠤᠯᠠᠭᠠᠴᠠᠭᠤᠯᠵᠤ᠂ ᠠᠵᠢᠯ ᠣᠯᠭᠤᠯᠲᠠ ᠶᠢᠨ ᠲᠤᠰᠠᠯᠠᠮᠵᠢ ᠦᠵᠡᠭᠦᠯᠬᠦ︾ ᠲᠣᠮᠣ ᠬᠡᠯᠪᠡᠷᠢ ᠶᠢᠨ ᠠᠵᠢᠯᠲᠠᠨ ᠡᠯᠰᠡᠬᠦ ᠬᠤᠷᠠᠯ ᠶᠠᠪᠤᠬᠳᠠᠪᠠ
ᠨᠡᠶᠢᠲᠡᠯᠡᠭᠰᠡᠨ ᠴᠠᠭ᠄
2025/2/20
  ᠴᠠᠭᠠᠨ ᠰᠠᠷ᠎ᠠ ᠶᠢᠨ ᠤᠷᠢᠳ ᠬᠤᠵᠢᠳ ᠢᠶᠠᠷ ᠬᠥᠳᠡᠯᠮᠦᠷᠢᠴᠢᠳ ᠤᠨ ᠠᠵᠢᠯ ᠤᠨ ᠪᠠᠶᠢᠷᠢ ᠰᠣᠯᠢᠬᠤ ᠣᠷᠭᠢᠯ ᠤᠨ ᠬᠤᠭᠤᠴᠠᠭ᠎ᠠ ᠪᠠ ᠠᠵᠤ ᠠᠬᠤᠶᠢᠯᠠᠯ ᠤᠨ ᠦᠢᠯᠡᠳᠪᠦᠷᠢᠯᠡᠯ ᠢᠶᠠᠨ ᠰᠡᠷᠭᠦᠭᠡᠬᠦ ᠵᠠᠩᠭᠢᠯᠠᠭ᠎ᠠ ᠶᠢᠨ ᠬᠤᠭᠤᠴᠠᠭᠠᠨ ᠳᠠᠬᠢ ᠠᠵᠢᠯ ᠣᠯᠭᠤᠯᠲᠠ ᠶᠢᠨ ᠦᠢᠯᠡᠴᠢᠯᠡᠭᠡᠨ ᠤ ᠠᠵᠢᠯ ᠢ ᠤᠯᠠᠮ ᠨᠢᠭᠡ ᠠᠯᠬᠤᠮ ᠰᠠᠶᠢᠲᠤᠷ ᠬᠢᠵᠦ᠂ ᠪᠥᠬᠦ ᠬᠦᠴᠦᠨ ᠢᠶᠠᠷ ᠢᠶᠠᠨ ᠠᠵᠢᠯ ᠣᠯᠭᠤᠯᠲᠠ ᠶᠢ ᠲᠣᠭᠲᠠᠪᠤᠷᠢᠵᠢᠭᠤᠯᠤᠨ᠂ ᠠᠷᠠᠳ ᠤᠨ ᠠᠮᠢᠳᠤᠷᠠᠯ ᠢ ᠪᠠᠲᠤᠯᠠᠵᠤ᠂ ᠬᠥᠭᠵᠢᠯᠲᠡ ᠶᠢ ᠠᠬᠢᠭᠤᠯᠬᠤ ᠶᠢᠨ ᠲᠥᠯᠥᠭᠡ᠂ ᠳᠡᠭᠡᠳᠦ ᠱᠠᠲᠤᠨ ᠤ ᠪᠠᠶᠢᠷᠢᠯᠠᠭᠤᠯᠤᠯᠲᠠ ᠶᠢᠨ ᠱᠠᠭᠠᠷᠳᠠᠯᠭ᠎ᠠ ᠶᠣᠰᠣᠭᠠᠷ᠂ ᠹᠧᠩᠵᠧᠨ ᠬᠤᠲᠠ ᠶᠢᠨ ᠬᠢᠨ 2 ᠰᠠᠷ᠎ᠠ ᠶᠢᠨ 19 ᠤ ᠡᠳᠦᠷ ᠠᠴᠠ 20 ᠤ ᠡᠳᠦᠷ ᠪᠣᠯᠲᠠᠯ᠎ᠠ 2025 ᠣᠨ ᠤ ︽ᠬᠠᠪᠤᠷ ᠤᠨ ᠰᠠᠯᠬᠢᠨ ᠤ ᠠᠵᠢᠯᠯᠠᠭ᠎ᠠ᠂ ᠬᠥᠯᠥᠰᠦᠨ ᠠᠵᠢᠯᠴᠢᠨ ᠤ ᠰᠡᠳᠬᠢᠯ ᠢ ᠲᠤᠯᠠᠭᠠᠴᠠᠭᠤᠯᠵᠤ᠂ ᠠᠵᠢᠯ ᠣᠯᠭᠤᠯᠲᠠ ᠶᠢᠨ ᠲᠤᠰᠠᠯᠠᠮᠵᠢ ᠦᠵᠡᠭᠦᠯᠬᠦ︾ ᠲᠣᠮᠣ ᠬᠡᠯᠪᠡᠷᠢ ᠶᠢᠨ ᠠᠵᠢᠯᠲᠠᠨ ᠡᠯᠰᠡᠬᠦ ᠬᠤᠷᠠᠯ ᠡᠷᠬᠢᠯᠡᠪᠡ᠃ ᠬᠤᠲᠠ ᠶᠢᠨ ᠤᠳᠤᠷᠢᠳᠤᠯᠭ᠎ᠠ ᠸᠠᠩ ᠯᠠᠢ ᠱᠤᠸᠠᠨ ᠪᠤᠯᠤᠨ ᠸᠠᠩ ᠰᠢᠩ ᠯᠢ ᠠᠵᠢᠯᠯᠠᠭ᠎ᠠ ᠳᠤ ᠤᠷᠤᠯᠴᠠᠪᠠ᠃
   2 ᠰᠠᠷ᠎ᠠ ᠶᠢᠨ 19 ᠤ ᠡᠳᠦᠷ᠂ ᠰᠤᠷᠪᠤᠯᠵᠢᠯᠠᠭᠴᠢ ᠠᠵᠢᠯᠲᠠᠨ ᠡᠯᠰᠡᠬᠦ ᠴᠤᠭᠯᠠᠭᠠᠨ ᠤ ᠲᠤᠬᠠᠢ ᠶᠢᠨ ᠲᠠᠯᠠᠪᠤᠷ ᠲᠤ ᠣᠯᠵᠤ ᠦᠵᠡᠭᠰᠡᠨ ᠨᠢ᠂ ᠡᠯ᠎ᠡ ᠠᠵᠤ ᠠᠬᠤᠶᠢᠯᠠᠯ ᠤᠨ ᠠᠵᠢᠯᠲᠠᠨ ᠡᠯᠰᠡᠬᠦ ᠦᠵᠡᠭᠦᠯᠦᠯᠭᠡ ᠶᠢᠨ ᠪᠠᠶᠢᠷᠢ ᠲᠡᠷᠢ ᠲᠡᠭᠰᠢ ᠵᠢᠭᠰᠠᠵᠤ᠂ ᠦᠵᠡᠭᠦᠯᠦᠯᠭᠡ ᠶᠢᠨ ᠪᠠᠶᠢᠷᠢ ᠪᠣᠯᠭᠠᠨ ᠤ ᠡᠮᠦᠨ᠎ᠡ ᠴᠥᠮ ᠠᠵᠤ ᠠᠬᠤᠶᠢᠯᠠᠯ ᠤᠨ ᠠᠵᠢᠯᠲᠠᠨ ᠡᠯᠰᠡᠬᠦ ᠵᠠᠷᠯᠠᠯ ᠲᠠᠯᠪᠢᠵᠤ᠂ ᠠᠵᠢᠯ ᠤᠨ ᠪᠠᠶᠢᠷᠢ ᠶᠢᠨ ᠬᠡᠷᠡᠭᠴᠡᠭᠡ᠂ ᠴᠠᠯᠢᠩ ᠬᠥᠯᠥᠰᠦ ᠵᠡᠷᠭᠡ ᠮᠡᠳᠡᠭᠡ ᠵᠠᠩᠭᠢ ᠪᠦᠷᠢᠨ ᠭᠦᠢᠴᠡᠳ ᠪᠠᠶᠢᠨ᠎ᠠ᠃ ᠠᠵᠤ ᠠᠬᠤᠶᠢᠯᠠᠯ ᠤᠨ ᠠᠵᠢᠯᠲᠠᠨ ᠤ ᠶᠠᠪᠤᠳᠠᠯ ᠤᠨ ᠲᠤᠰᠬᠠᠢ ᠲᠤᠰᠢᠶᠠᠯᠲᠠᠨ ︽ᠳᠡᠯᠭᠡᠭᠦᠷᠴᠢᠨ︾ ᠪᠣᠯᠵᠤ᠂ ᠠᠵᠢᠯ ᠡᠷᠢᠭᠰᠡᠳ ᠲᠤ ᠠᠵᠤ ᠠᠬᠤᠶᠢᠯᠠᠯ ᠤᠨ ᠰᠣᠶᠣᠯ᠂ ᠠᠵᠢᠯ ᠤᠨ ᠪᠠᠶᠢᠷᠢ ᠶᠢᠨ ᠱᠠᠭᠠᠷᠳᠠᠯᠭ᠎ᠠ ᠵᠢᠴᠢ ᠴᠠᠯᠢᠩ ᠬᠥᠯᠥᠰᠦ ᠶᠢᠨ ᠬᠠᠷᠠᠭᠠᠯᠵᠠᠯ ᠢ ᠬᠠᠯᠠᠭᠤᠨ ᠢᠶᠠᠷ ᠲᠠᠨᠢᠯᠴᠠᠭᠤᠯᠵᠤ ᠪᠠᠶᠢᠯ᠎ᠠ᠃ ᠠᠵᠢᠯ ᠡᠷᠢᠭᠰᠡᠳ ᠡᠨᠡ ᠬᠤᠭᠤᠴᠠᠭᠠᠨ ᠳᠤ ᠠᠳᠡ ᠵᠣᠭᠰᠣᠨ ᠠᠰᠠᠭᠤᠨ ᠯᠠᠪᠯᠠᠵᠤ᠂ ᠡᠰᠡᠬᠦᠯ᠎ᠡ ᠲᠣᠪᠴᠢ ᠨᠠᠮᠲᠠᠷ ᠢᠶᠠᠨ ᠨᠠᠷᠢᠨ ᠬᠢᠨᠠᠮᠠᠭᠠᠢ ᠲᠠᠭᠯᠠᠵᠤ᠂ ᠲᠣᠭᠤᠭᠰᠠᠨ ᠠᠵᠢᠯ ᠤᠨ ᠪᠠᠶᠢᠷᠢ ᠪᠠᠨ ᠰᠣᠩᠭᠤᠵᠤ ᠪᠠᠶᠢᠳᠠᠭ᠃
   ᠲᠣᠰ ᠤᠳᠠᠭᠠᠨ ᠤ ᠠᠵᠢᠯᠲᠠᠨ ᠡᠯᠰᠡᠬᠦ ᠴᠤᠭᠯᠠᠭᠠᠨ ᠳᠤ ᠨᠡᠶᠢᠲᠡ 40 ᠭᠠᠷᠤᠢ ᠠᠵᠤ ᠠᠬᠤᠶᠢᠯᠠᠯ ᠣᠷᠣᠯᠴᠠᠵᠤ᠂ ᠲᠡᠮᠦᠷᠯᠢᠭ ᠬᠠᠶᠢᠯᠤᠭᠤᠯᠬᠤ᠂ ᠬᠢᠮᠢ ᠶᠢᠨ ᠠᠵᠤ ᠦᠢᠯᠡᠳᠪᠦᠷᠢ᠂ ᠢᠳᠡᠭᠡᠨ ᠪᠣᠯᠪᠠᠰᠤᠷᠠᠭᠤᠯᠬᠤ᠂ ᠭᠡᠷ ᠤᠨ ᠶᠠᠪᠤᠳᠠᠯ ᠤᠨ ᠦᠢᠯᠡᠴᠢᠯᠡᠭᠡ ᠵᠡᠷᠭᠡ ᠣᠯᠠᠨ ᠬᠦᠷᠢᠶ᠎ᠡ ᠶᠢ ᠬᠠᠮᠤᠷᠴᠤ᠂ ᠴᠠᠬᠢᠯᠭᠠᠨ ᠤ ᠠᠵᠢᠯᠴᠢᠨ᠂ ᠰᠢᠯᠭᠠᠨ ᠪᠠᠶᠢᠴᠠᠭᠠᠭᠴᠢ᠂ ᠨᠢᠭᠲᠠᠯᠠᠨ ᠪᠤᠳᠤᠭᠴᠢ᠂ ᠵᠠᠰᠠᠭ ᠵᠠᠬᠢᠷᠭᠠᠨ ᠤ ᠡᠷᠭᠢᠯᠡᠨ ᠬᠠᠮᠢᠶᠠᠷᠤᠭᠴᠢ ᠵᠡᠷᠭᠡ 176 ᠠᠵᠢᠯ ᠤᠨ ᠪᠠᠶᠢᠷᠢ ᠶᠢ ᠪᠠᠭᠲᠠᠭᠠᠵᠤ᠂ 913 ᠠᠵᠢᠯ ᠤᠨ ᠪᠠᠶᠢᠷᠢ ᠳᠤ ᠪᠠᠶᠢᠵᠤ᠂ ᠡᠯ᠎ᠡ ᠨᠠᠰᠤᠨ ᠤ ᠱᠠᠲᠤ᠂ ᠠᠳᠠᠯᠢ ᠪᠤᠰᠤ ᠰᠤᠷᠤᠯᠭ᠎ᠠ ᠶᠢᠨ ᠨᠠᠮᠲᠠᠷ ᠤᠨ ᠲᠠᠰ ᠳᠠᠪᠬᠤᠷᠭ᠎ᠠ ᠶᠢᠨ ᠰᠠᠭᠤᠭᠠᠯᠢ ᠠᠷᠠᠳ ᠤᠨ ᠠᠵᠢᠯ ᠣᠯᠬᠤ ᠬᠡᠷᠡᠭᠴᠡᠭᠡ ᠶᠢ ᠭᠦᠢᠴᠡᠳ ᠬᠠᠩᠭᠠᠪᠠ᠃
   ᠲᠣᠰ ᠤᠳᠠᠭᠠᠨ ᠤ ᠠᠵᠢᠯᠲᠠᠨ ᠡᠯᠰᠡᠬᠦ ᠴᠤᠭᠯᠠᠭᠠᠨ ᠤ ᠲᠤᠬᠠᠢ ᠶᠢᠨ ᠲᠠᠯᠠᠪᠤᠷ ᠲᠤ ᠪᠠᠰᠠ ᠲᠥᠷᠥ ᠶᠢᠨ ᠪᠣᠳᠣᠯᠭ᠎ᠠ ᠶᠢᠨ ᠤᠬᠠᠭᠤᠯᠭ᠎ᠠ ᠶᠢᠨ ᠲᠣᠭᠤᠷᠢᠭ᠂ ᠠᠵᠤ ᠠᠬᠤᠶᠢᠯᠠᠯ ᠤᠨ ᠠᠵᠢᠯᠲᠠᠨ ᠡᠯᠰᠡᠬᠦ ᠲᠣᠭᠤᠷᠢᠭ᠂ ᠰᠢᠭᠤᠳ ᠨᠡᠪᠲᠡᠷᠡᠭᠦᠯᠭᠡ ᠶᠢᠨ ᠠᠵᠢᠯ ᠤᠨ ᠪᠠᠶᠢᠷᠢ ᠳᠠᠭᠠᠭᠤᠯᠬᠤ ᠲᠣᠭᠤᠷᠢᠭ ᠪᠠ ᠠᠵᠢᠯ ᠮᠡᠷᠭᠡᠵᠢᠯ ᠤᠨ ᠤᠷ᠎ᠠ ᠴᠢᠳᠠᠪᠤᠷᠢ ᠶᠢᠨ ᠪᠣᠯᠪᠠᠰᠤᠷᠠᠭᠤᠯᠤᠯ ᠤᠨ ᠦᠵᠡᠭᠦᠯᠦᠯᠭᠡ ᠶᠢᠨ ᠲᠣᠭᠤᠷᠢᠭ ᠭᠠᠷᠭᠠᠵᠤ᠂ ᠠᠵᠢᠯᠲᠠᠨ ᠨᠢ ᠠᠵᠢᠯ ᠡᠷᠢᠭᠰᠡᠳ ᠲᠤ ᠬᠠᠮᠤᠭ ᠤᠨ ᠰᠢᠨ᠎ᠡ ᠲᠥᠷᠥ ᠶᠢᠨ ᠪᠣᠳᠣᠯᠭ᠎ᠠ ᠵᠢᠴᠢ ᠨᠢᠭᠡᠳ ᠨᠢᠭᠡ ᠶᠢᠨ ᠠᠵᠢᠯ ᠣᠯᠵᠤ ᠠᠳᠠᠯ ᠦᠢᠯᠡᠰ ᠴᠣᠭᠴᠠᠯᠠᠬᠤ ᠤᠷ᠎ᠠ ᠴᠢᠳᠠᠪᠤᠷᠢ ᠶᠢᠨ ᠪᠣᠯᠪᠠᠰᠤᠷᠠᠭᠤᠯᠤᠯ ᠤᠨ ᠵᠢᠯᠣᠭᠤᠳᠤᠯᠭ᠎ᠠ ᠵᠡᠷᠭᠡ ᠶᠢ ᠨᠢᠭᠤᠷᠲᠠᠨ ᠲᠠᠶᠢᠯᠪᠤᠷᠢᠯᠠᠵᠤ᠂ ᠮᠠᠰᠢ ᠣᠯᠠᠨ ᠠᠵᠢᠯ ᠡᠷᠢᠭᠰᠡᠳ ᠤᠨ ᠠᠩᠬᠠᠷᠤᠯ ᠢ ᠲᠠᠲᠠᠭᠰᠠᠨ ᠪᠠᠶᠢᠨ᠎ᠠ᠃ ᠡᠭᠦᠨ ᠤ ᠵᠡᠷᠭᠡ ᠳᠤ᠂ ᠠᠵᠢᠯᠲᠠᠨ ᠡᠯᠰᠡᠬᠦ ᠴᠤᠭᠯᠠᠭᠠᠨ ᠤ ᠰᠦᠯᠵᠢᠶᠡᠨ ᠳᠡᠭᠡᠷᠡᠬᠢ ᠰᠢᠭᠤᠳ ᠨᠡᠪᠲᠡᠷᠡᠭᠦᠯᠭᠡ ᠶᠢᠨ ᠳᠤᠮᠳᠠ ᠬᠥᠮᠥᠰ ᠤᠨ ᠬᠦᠷᠢᠶᠡᠯᠡᠯ ᠢ ᠶᠡᠬᠡᠳᠡ ᠣᠯᠵᠤ᠂ ᠠᠵᠢᠯ ᠡᠷᠢᠭᠰᠡᠳ ᠨᠢ ᠠᠵᠢᠯᠲᠠᠨ ᠡᠯᠰᠡᠬᠦ ᠭᠤᠣᠯ ᠨᠡᠪᠳᠡᠷᠡᠭᠦᠯᠦᠭᠴᠢ ᠶᠢᠨ ︽ᠡᠭᠦᠯᠡ︾ ᠢᠶᠠᠷ ᠳᠠᠮᠵᠢᠭᠤᠯᠤᠨ ᠠᠵᠢᠯᠲᠠᠨ ᠡᠯᠰᠡᠬᠦ ᠴᠤᠭᠯᠠᠭᠠᠨ ᠳᠤ ᠣᠷᠣᠯᠴᠠᠵᠤ᠂ ᠠᠵᠢᠯ ᠤᠨ ᠪᠠᠶᠢᠷᠢ ᠶᠢᠨ ᠮᠡᠳᠡᠭᠡ ᠵᠠᠩᠭᠢ ᠶᠢ ᠢᠳᠡᠪᠬᠢᠲᠡᠢ ᠪᠠᠷ ᠣᠶᠢᠯᠠᠭᠠᠨ᠂ ᠠᠵᠤ ᠠᠬᠤᠶᠢᠯᠠᠯ ᠤᠨ ᠠᠵᠢᠯᠲᠠᠨ ᠡᠯᠰᠡᠬᠦ ᠬᠥᠮᠥᠰ ᠲᠠᠢ ᠰᠠᠨᠠᠯ ᠢᠶᠠᠨ ᠰᠣᠯᠢᠯᠴᠠᠵᠤ᠂ ᠰᠢᠭᠤᠳ ᠨᠡᠪᠲᠡᠷᠡᠭᠦᠯᠭᠡ ᠶᠢᠨ ᠲᠠᠰᠤᠭ ᠤᠨ ᠰᠦᠯᠵᠢᠶᠡᠨ ᠳᠡᠭᠡᠷᠡᠬᠢ ᠬᠥᠮᠥᠨ ᠤ ᠲᠤᠭ᠎ᠠ 2 ᠲᠦᠮᠡ ᠭᠠᠷᠤᠢ ᠪᠣᠯᠤᠭᠰᠠᠨ ᠪᠠᠶᠢᠨ᠎ᠠ᠃        ᠵᠣᠬᠢᠶᠠᠭᠴᠢ᠄ ᠰᠢᠤᠸᠠᠨ ᠶᠠᠨ  ᠴᠧᠨ ᠸᠧᠨ ᠵᠢᠶᠧ        ᠨᠠᠶᠢᠷᠠᠭᠤᠯᠤᠭᠴᠢ᠄ ᠯᠢ ᠰᠧ ᠬᠤᠢ        ᠬᠢᠨᠠᠨ ᠬᠠᠷᠭᠤᠭᠤᠯᠤᠭᠴᠢ᠄ ᠶᠠᠨ ᠬᠤᠸᠠᠢ ᡁᠢ        ᠤᠷᠴᠢᠭᠤᠯᠤᠭᠴᠢ᠄ ᠬᠠᠨ ᠰᠢᠶᠤᠤ ᠿᠦᠩ        ᠬᠢᠨᠠᠭᠴᠢ᠄ ᠼᠦᠢ ᠶᠢᠩ
 
ᠢᠷᠡᠯᠲᠡ᠄ ᠠᠮᠢᠵᠢᠷᠠᠯ ᠪᠢᠯᠬᠠᠭᠰᠠᠨ ᠹᠧᠩᠵᠧᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000072号-3