| ᠮᠠᠨ ᠤ ᠬᠤᠲᠠ ᠶᠢᠨ ᠥᠷᠭᠡᠨ ᠣᠯᠠᠨ ᠠᠷᠠᠳ ᠲᠦᠮᠡᠨ ᠢ ᠪᠠᠶᠠᠷ ᠬᠥᠷ ᠲᠠᠢ ᠥᠯᠵᠡᠢ ᠪᠡᠯᠭᠡ ᠲᠠᠢ ᠠᠭᠤᠷ | ᠠᠮᠢᠰᠬᠤᠯ ᠤᠨ ᠳᠤᠮᠳᠠ ᠤᠯᠤᠰ ᠤᠨ ᠪᠠᠶᠠᠷ ᠢ ᠥᠩᠭᠡᠷᠡᠭᠦᠯᠬᠦ ᠶᠢᠨ ᠲᠥᠯᠥᠭᠡ᠂ ᠤᠯᠠᠭᠠᠨᠴᠠᠪ ᠬᠤᠲᠠ ᠶᠢᠨ | ᠬᠤᠳᠠᠯᠳᠤᠭᠠᠨ ᠤ ᠶᠠᠪᠤᠳᠠᠯ ᠤᠨ ᠲᠣᠪᠴᠢᠶ᠎ᠠ ᠶᠢᠨ ᠲᠣᠬᠢᠷᠠᠭᠤᠯᠤᠯᠲᠠ ᠪᠠᠷ᠂ ᠤᠯᠤᠰ ᠤᠨ ᠪᠠᠶᠠᠷ ᠤᠨ | ᠬᠤᠭᠤᠴᠠᠭᠠᠨ ᠳᠤ ᠤᠯᠤᠰ ᠤᠨ ᠪᠠᠶᠠᠷ ᠢ ᠤᠭᠲᠤᠬᠤ · ᠠᠷᠠᠳ ᠤᠨ ᠠᠮᠢᠳᠤᠷᠠᠯ ᠳᠤ ᠠᠰᠢᠭ ᠬᠦᠷᠲᠡᠭᠡᠬᠦ ᠭᠡᠷ ᠤᠨ | ᠴᠠᠬᠢᠯᠭᠠᠨ ᠬᠡᠷᠡᠭᠰᠡᠯ ᠤᠨ ᠬᠠᠭᠤᠴᠢᠨ ᠢᠶᠠᠷ ᠰᠢᠨ᠎ᠡ ᠶᠢ ᠰᠣᠯᠢᠬᠤ ᠨᠥᠬᠦᠪᠦᠷᠢ ᠶᠢᠨ ᠠᠵᠢᠯᠯᠠᠭ᠎ᠠ ᠶᠢ ᠵᠣᠬᠢᠶᠠᠨ | ᠪᠠᠶᠢᠭᠤᠯᠤᠨ ᠥᠷᠨᠢᠭᠦᠯᠬᠦ ᠪᠠᠷ ᠲᠣᠭᠲᠠᠪᠠ᠃ ᠪᠣᠳᠠᠲᠠᠢ ᠠᠵᠢᠯᠯᠠᠭ᠎ᠠ ᠶᠢᠨ ᠪᠠᠶᠢᠳᠠᠯ ᠨᠢ ᠳᠣᠣᠷᠠᠬᠢ ᠮᠡᠲᠦ᠄ | ᠨᠢᠭᠡ᠂ ᠠᠵᠢᠯᠯᠠᠭ᠎ᠠ ᠬᠢᠬᠦ ᠬᠤᠳᠠᠯᠳᠤᠭᠠᠴᠢᠨ | ᠹᠧᠩᠵᠧᠨ ᠬᠤᠲᠠ ᠶᠢᠨ ᠬᠤᠩ ᠯᠢ ᠭᠡᠷ ᠤᠨ ᠴᠠᠬᠢᠯᠭᠠᠨ ᠬᠡᠷᠡᠭᠰᠡᠯ ᠪᠣᠷᠣᠯᠠᠭᠤᠯᠬᠤ ᠬᠢᠵᠠᠭᠠᠷᠲᠤ | ᠬᠠᠷᠢᠭᠤᠴᠠᠯᠭᠠᠲᠤ ᠺᠣᠮᠫᠠᠨᠢ ︵ᠲᠤᠨᠤᠯᠵᠢᠨ ᠵᠡᠭᠡᠯᠢ ᠶᠢᠨ ᠬᠠᠢ ᠡᠯ ᠴᠠᠬᠢᠯᠭᠠᠨ ᠬᠡᠷᠡᠭᠰᠡᠯ︶ | ᠹᠧᠩᠵᠧᠨ ᠬᠤᠲᠠ ᠶᠢᠨ ᠰᠢᠨ᠎ᠡ ᠳ᠋ᠦᠸᠧ ᠶᠤᠸᠠᠨ ᠴᠠᠬᠢᠯᠭᠠᠨ ᠬᠡᠷᠡᠭᠰᠡᠯ ᠤᠨ ᠬᠢᠵᠠᠭᠠᠷᠲᠤ ᠬᠠᠷᠢᠭᠤᠴᠠᠯᠭᠠᠲᠤ | ᠺᠣᠮᠫᠠᠨᠢ ︵ᠵᠢᠤᠹᠦ᠋ ᠶᠢᠨ ᠬᠤᠶᠢᠲᠤ ᠡᠭᠦᠳᠡᠨ ᠤ ᠪᠠᠷᠠᠭᠤᠨ ᠲᠠᠯ᠎ᠠ︶ | ᠹᠧᠩᠵᠧᠨ ᠬᠤᠲᠠ ᠶᠢᠨ ᠾᠧᠩ ᠹᠧᠩ ᠴᠠᠬᠢᠯᠭᠠᠨ ᠬᠡᠷᠡᠭᠰᠡᠯ ᠤᠨ ᠬᠢᠵᠠᠭᠠᠷᠲᠤ ᠺᠣᠮᠫᠠᠨᠢ ︵ᠤᠤᠯ ᠤᠨ ᠰᠢ ᠬᠤᠩ | ᠬᠡᠲᠦ ᠳᠡᠯᠭᠡᠭᠦᠷ ᠤᠨ ᠵᠡᠭᠦᠨ ᠲᠠᠯ᠎ᠠ ᠶᠢᠨ ᠬᠠᠢ ᠡᠯ ᠴᠠᠬᠢᠯᠭᠠᠨ ᠬᠡᠷᠡᠭᠰᠡᠯ︶᠃ | ᠬᠤᠶᠠᠷ᠂ ᠠᠵᠢᠯᠯᠠᠭᠠᠨ ᠤ ᠠᠷᠭ᠎ᠠ ᠮᠠᠶ᠋ᠢᠭ | ᠭᠡᠷ ᠤᠨ ᠴᠠᠬᠢᠯᠭᠠᠨ ᠬᠡᠷᠡᠭᠰᠡᠯ ᠤᠨ ᠬᠠᠭᠤᠴᠢᠨ ᠢᠶᠠᠷ ᠰᠢᠨ᠎ᠡ ᠶᠢ ᠰᠣᠯᠢᠬᠤ ᠨᠥᠬᠦᠪᠦᠷᠢ ᠶᠢᠨ ᠠᠵᠢᠯᠯᠠᠭ᠎ᠠ ﹇ | ᠤᠯᠠᠭᠠᠨᠴᠠᠪ ᠬᠤᠲᠠ ᠶᠢᠨ ᠲᠥᠷᠥ ᠶᠢᠨ ᠪᠣᠳᠣᠯᠭ᠎ᠠ ᠶᠢ ᠬᠡᠷᠡᠭᠵᠢᠭᠦᠯᠦᠨ᠎ᠡ﹈᠃ | ᠭᠤᠷᠪᠠ᠂ ᠠᠵᠢᠯᠯᠠᠭ᠎ᠠ ᠶᠢᠨ ᠦᠨᠳᠦᠰᠦᠨ ᠠᠭᠤᠯᠭ᠎ᠠ | ︵ᠨᠢᠭᠡ︶ ᠨᠥᠬᠦᠪᠦᠷᠢ ᠥᠭᠬᠦ ᠬᠦᠷᠢᠶ᠎ᠡ ᠬᠡᠪᠴᠢᠶ᠎ᠡ᠃ ᠬᠤᠪᠢ ᠬᠥᠮᠥᠨ ᠤ ᠬᠡᠷᠡᠭᠯᠡᠭᠴᠢᠳ ᠬᠥᠯᠳᠡᠭᠡᠭᠦᠷ ︵ | ᠬᠥᠯᠳᠡᠭᠡᠭᠦᠷ ᠢ ᠪᠠᠭᠲᠠᠭᠠᠨ᠎ᠠ︶᠂ ᠬᠤᠪᠴᠠᠰᠤ ᠤᠬᠢᠶᠠᠬᠤ ᠮᠠᠰᠢᠨ ︵ᠬᠤᠪᠴᠠᠰᠤ ᠬᠠᠳᠠᠭᠠᠬᠤ ᠮᠠᠰᠢᠨ ᠪᠠᠭᠲᠠᠨ᠎ᠠ︶᠂ | ᠲᠧᠯᠸᠢᠰ᠂ ᠠᠭᠠᠷ ᠲᠣᠬᠢᠷᠠᠭᠤᠯᠤᠭᠤᠷ᠂ ᠤᠰᠤ ᠬᠠᠯᠠᠭᠠᠭᠤᠷ ︵ᠬᠠᠨ᠎ᠠ ᠶᠢᠨ ᠡᠯᠭᠦᠮᠡᠯ ᠵᠤᠤᠬ᠎ᠠ ᠶᠢ ᠪᠠᠭᠲᠠᠭᠠᠨ᠎ᠠ︶᠂ | ᠭᠡᠷ ᠤᠨ ᠬᠡᠷᠡᠭᠯᠡᠭᠡᠨ ᠤ ᠵᠤᠤᠬ᠎ᠠ ︵ᠬᠤᠷᠠᠮᠠᠯ ᠵᠤᠤᠬ᠎ᠠ ᠶᠢ ᠪᠠᠭᠲᠠᠭᠠᠨ᠎ᠠ︶᠂ ᠲᠤᠰᠤᠨ ᠤᠳᠤᠭ᠎ᠠ ᠰᠣᠷᠣᠬᠤ ᠮᠠᠰᠢᠨ᠂ | ᠠᠶᠠᠭ᠎ᠠ ᠤᠬᠢᠶᠠᠬᠤ ᠮᠠᠰᠢᠨ᠂ ᠠᠭᠠᠷ ᠴᠡᠪᠡᠷᠰᠢᠭᠦᠯᠦᠭᠴᠢ᠂ ᠪᠢᠴᠢᠯ ᠳᠣᠯᠭᠢᠶᠠᠨ ᠵᠤᠤᠬ᠎ᠠ ︵ᠨᠢᠭᠡ ᠴᠣᠭᠴᠠ ᠮᠠᠰᠢᠨ | ᠪᠠᠭᠲᠠᠨ᠎ᠠ︶᠂ ᠴᠠᠬᠢᠯᠭᠠᠨ ᠰᠣᠷᠢᠨᠵᠢᠨ ᠵᠤᠤᠬ᠎ᠠ᠂ ᠴᠠᠬᠢᠯᠭᠠᠨ ᠲᠣᠭᠤᠭ᠎ᠠ᠂ ᠴᠠᠬᠢᠯᠭᠠᠨ ᠰᠡᠩᠰᠡ᠂ ᠤᠰᠤ | ᠠᠷᠢᠭᠤᠳᠬᠠᠬᠤ ᠮᠠᠰᠢᠨ᠂ ᠺᠣᠮᠫᠢᠦ᠋ᠲ᠋ᠧᠷ ︵ᠬᠠᠪᠲᠠᠭᠠᠢ ᠺᠣᠮᠫᠢᠦ᠋ᠲ᠋ᠧᠷ ᠪᠠᠭᠲᠠᠬᠤ ᠦᠭᠡᠢ︶ ᠵᠡᠷᠭᠡ 15 ᠲᠥᠷᠥᠯ ᠤᠨ | ᠦᠢᠯᠡᠳᠬᠦᠨ ᠢ ᠬᠤᠳᠠᠯᠳᠤᠨ ᠠᠪᠬᠤ ᠳᠤ ᠨᠥᠬᠦᠪᠦᠷᠢ ᠣᠯᠭᠤᠨ᠎ᠠ᠃ | ︵ᠬᠤᠶᠠᠷ︶ ᠠᠵᠢᠯᠯᠠᠭᠠᠨ ᠤ ᠴᠠᠭ ᠬᠤᠭᠤᠴᠠᠭ᠎ᠠ | 2024 ᠣᠨ ᠤ 9 ᠰᠠᠷ᠎ᠠ ᠶᠢᠨ 29 ᠤ ᠡᠳᠦᠷ ︱ 2024 ᠣᠨ ᠤ 12 ᠰᠠᠷ᠎ᠠ ᠶᠢᠨ 31 ᠤ ᠡᠳᠦᠷ ︵ | ᠨᠥᠬᠦᠪᠦᠷᠢ ᠪᠡᠯᠡ ᠮᠥᠩᠭᠦ ᠶᠢ ᠬᠡᠷᠡᠭᠯᠡᠵᠦ ᠪᠠᠷᠠᠮᠠᠭᠴᠠ ᠳᠠᠭᠤᠰᠤᠨ᠎ᠠ᠂ ᠬᠡᠷᠪᠡ ᠨᠥᠬᠦᠪᠦᠷᠢ ᠮᠥᠩᠭᠦ ᠶᠢᠨ ᠲᠤᠭ᠎ᠠ | ᠬᠡᠮᠵᠢᠶ᠎ᠡ ᠶᠢ ᠤᠷᠢᠳᠴᠢᠯᠠᠨ ᠬᠡᠷᠡᠭᠯᠡᠵᠦ ᠪᠠᠷᠠᠪᠠᠯ ᠳᠠᠭᠤᠰᠬᠠᠬᠤ ᠡᠳᠦᠷ ᠬᠤᠭᠤᠴᠠᠭ᠎ᠠ ᠶᠢ ᠠᠰ ᠲᠤᠨᠢ ᠵᠠᠷᠯᠠᠨ | ᠨᠡᠶᠢᠲᠡᠯᠡᠨ᠎ᠡ︶᠃ | ︵ᠭᠤᠷᠪᠠ︶ ᠨᠥᠬᠦᠪᠦᠷᠢ ᠥᠭᠬᠦ ᠪᠠᠷᠢᠮᠵᠢᠶ᠎ᠠ | ᠬᠤᠪᠢ ᠬᠥᠮᠥᠨ ᠤ ᠬᠡᠷᠡᠭᠯᠡᠭᠴᠢᠳ ᠬᠤᠶᠠᠳᠤᠭᠠᠷ ᠳᠡᠰ ᠵᠢᠴᠢ ᠲᠡᠭᠦᠨ ᠠᠴᠠ ᠳᠡᠭᠡᠭᠰᠢᠬᠢ ᠡᠨᠧᠷᠭᠢ ᠶᠢᠨ | ᠠᠰᠢᠭᠯᠠᠮᠵᠢ ᠪᠤᠶᠤ ᠤᠰᠤᠨ ᠤ ᠠᠰᠢᠭᠯᠠᠮᠵᠢ ᠶᠢᠨ ᠪᠠᠷᠢᠮᠵᠢᠶ᠎ᠠ ᠲᠠᠢ ᠭᠡᠷ ᠤᠨ ᠴᠠᠬᠢᠯᠭᠠᠨ ᠬᠡᠷᠡᠭᠰᠡᠯ ᠤᠨ ᠦᠢᠯᠡᠳᠬᠦᠨ ᠢ | ᠬᠤᠳᠠᠯᠳᠤᠨ ᠠᠪᠤᠪᠠᠯ᠂ ᠨᠥᠬᠦᠪᠦᠷᠢ ᠶᠢᠨ ᠪᠠᠷᠢᠮᠵᠢᠶ᠎ᠠ ᠨᠢ ᠦᠢᠯᠡᠳᠬᠦᠨ ᠤ ᠬᠠᠮᠤᠭ ᠡᠴᠦᠰ ᠤᠨ ᠪᠣᠷᠣᠯᠠᠭᠤᠯᠬᠤ | ᠦᠨ᠎ᠡ ᠶᠢᠨ 15% ᠪᠣᠯᠣᠨ᠎ᠠ᠂ ᠨᠢᠭᠡᠳᠦᠭᠡᠷ ᠳᠡᠰ ᠵᠢᠴᠢ ᠲᠡᠭᠦᠨ ᠠᠴᠠ ᠳᠡᠭᠡᠭᠰᠢᠬᠢ ᠡᠨᠧᠷᠭᠢ ᠶᠢᠨ ᠠᠰᠢᠭᠯᠠᠮᠵᠢ | ᠪᠤᠶᠤ ᠤᠰᠤᠨ ᠤ ᠠᠰᠢᠭᠯᠠᠮᠵᠢ ᠶᠢᠨ ᠪᠠᠷᠢᠮᠵᠢᠶ᠎ᠠ ᠲᠠᠢ ᠭᠡᠷ ᠤᠨ ᠴᠠᠬᠢᠯᠭᠠᠨ ᠬᠡᠷᠡᠭᠰᠡᠯ ᠤᠨ ᠦᠢᠯᠡᠳᠬᠦᠨ ᠢ ᠬᠤᠳᠠᠯᠳᠤᠨ | ᠠᠪᠤᠪᠠᠯ᠂ ᠡᠭᠦᠨ ᠠᠴᠠ ᠭᠠᠳᠠᠨ᠎ᠠ ᠦᠢᠯᠡᠳᠬᠦᠨ ᠤ ᠬᠠᠮᠤᠭ ᠡᠴᠦᠰ ᠤᠨ ᠪᠣᠷᠣᠯᠠᠭᠤᠯᠬᠤ ᠦᠨ᠎ᠡ ᠶᠢᠨ 5% ᠶᠢᠨ | ᠨᠥᠬᠦᠪᠦᠷᠢ ᠥᠭᠭᠦᠨ᠎ᠡ᠃ ᠬᠡᠷᠡᠭᠯᠡᠭᠴᠢ ᠨᠢᠭᠡᠪᠦᠷᠢ ᠶᠢᠨ ᠲᠥᠷᠥᠯ ᠪᠦᠷᠢ ᠶᠢᠨ ᠦᠢᠯᠡᠳᠬᠦᠨ ᠳᠤ 1 ᠬᠤᠪᠢ ᠨᠥᠬᠦᠪᠦᠷᠢ | ᠥᠭᠴᠦ ᠪᠣᠯᠣᠨ᠎ᠠ᠂ ᠲᠥᠷᠥᠯ ᠪᠦᠷᠢ ᠶᠢᠨ ᠨᠥᠬᠦᠪᠦᠷᠢ ᠨᠢ 2000 ᠲᠥᠭᠦᠷᠢᠭ ᠠᠴᠠ ᠬᠡᠲᠦᠷᠡᠬᠦ ᠦᠭᠡᠢ᠂ | ᠡᠨᠧᠷᠭᠢ ᠶᠢᠨ ᠠᠰᠢᠭᠯᠠᠮᠵᠢ ᠪᠤᠶᠤ ᠤᠰᠤᠨ ᠤ ᠠᠰᠢᠭᠯᠠᠮᠵᠢ ᠶᠢ ᠲᠣᠭᠲᠠᠭᠠᠭᠰᠠᠨ ᠦᠭᠡᠢ ᠦᠢᠯᠡᠳᠬᠦᠨ ᠳᠤ ᠨᠥᠬᠦᠪᠦᠷᠢ | ᠥᠭᠬᠦ ᠪᠠᠷᠢᠮᠵᠢᠶ᠎ᠠ ᠨᠢ ᠦᠢᠯᠡᠳᠬᠦᠨ ᠤ ᠬᠠᠮᠤᠭ ᠡᠴᠦᠰ ᠤᠨ ᠪᠣᠷᠣᠯᠠᠭᠤᠯᠤᠯᠲᠠ ᠶᠢᠨ ᠦᠨ᠎ᠡ ᠶᠢᠨ 15% ᠪᠣᠯᠣᠨ᠎ᠠ᠃ | | ︵ᠳᠥᠷᠪᠡ︶ ᠪᠣᠳᠠᠲᠠᠢ ᠴᠤᠪᠤᠷᠠᠯ | ᠬᠡᠷᠡᠭᠯᠡᠭᠴᠢᠳ ᠪᠠᠩᠬᠢ ᠶᠢᠨ ᠬᠤᠯᠪᠣᠭᠠᠨ ᠤ ᠶᠦᠨ ᠱᠠᠨ ᠹᠦ᠋ ᠲᠥᠯᠥᠬᠦ ᠲᠠᠪᠴᠠᠩ ᠳᠤ ᠭᠠᠷᠴᠤ ᠨᠡᠭᠡᠭᠡᠭᠰᠡᠨ | ᠭᠡᠷ ᠤᠨ ᠴᠠᠬᠢᠯᠭᠠᠨ ᠬᠡᠷᠡᠭᠰᠡᠯ ᠢ ᠬᠠᠭᠤᠴᠢᠨ ᠢᠶᠠᠷ ᠰᠢᠨ᠎ᠡ ᠶᠢ ᠰᠣᠯᠢᠵᠤ ᠵᠢᠵᠢᠭ ᠫᠷᠣᠭ᠍ᠷᠠᠮ ᠳᠤ ᠣᠷᠣᠭᠤᠯᠤᠨ ᠪᠡᠶ᠎ᠡ | ᠶᠢᠨ ᠭᠠᠷᠤᠯ ᠢ ᠰᠢᠯᠭᠠᠨ ᠪᠠᠶᠢᠴᠠᠭᠠᠭᠰᠠᠨ ᠤ ᠳᠠᠷᠠᠭ᠎ᠠ ᠦᠨ᠎ᠡ ᠬᠠᠰᠤᠬᠤ ᠲᠡᠮᠳᠡᠭ ᠢ ᠠᠪᠴᠤ ᠬᠡᠷᠡᠭᠯᠡᠭᠡ ᠬᠢᠵᠦ | ᠪᠣᠯᠣᠨ᠎ᠠ᠃ | 1. ᠪᠠᠩᠬᠢ ᠶᠢᠨ ᠬᠤᠯᠪᠣᠭ᠎ᠠ ᠶᠢᠨ ︽ᠶᠦᠨ ᠱᠠᠨ ᠹᠦ᠋︾ ᠨᠢ ᠥᠪᠥᠷ ᠮᠣᠩᠭᠤᠯ ᠤᠨ ᠥᠪᠡᠷᠲᠡᠭᠡᠨ ᠵᠠᠰᠠᠬᠤ | ᠣᠷᠣᠨ ᠤ ᠭᠡᠷ ᠤᠨ ᠴᠠᠬᠢᠯᠭᠠᠨ ᠬᠡᠷᠡᠭᠰᠡᠯ ᠤᠨ ︽ᠬᠠᠭᠤᠴᠢᠨ ᠢᠶᠠᠷ ᠰᠢᠨ᠎ᠡ ᠶᠢ ᠰᠣᠯᠢᠬᠤ︾ ᠲᠥᠷᠥ ᠶᠢᠨ | ᠪᠣᠳᠣᠯᠭ᠎ᠠ ᠶᠢᠨ ᠣᠷᠣᠬᠤ ᠡᠭᠦᠳᠡ ᠪᠣᠯᠤᠭᠰᠠᠨ ᠤ ᠬᠤᠪᠢ ᠳᠤ᠂ ᠬᠡᠷᠡᠭᠯᠡᠭᠴᠢᠳ ᠤᠨ ᠬᠤᠳᠠᠯᠳᠤᠨ ᠠᠪᠬᠤ ᠬᠢᠷᠢ | ᠬᠡᠮ ᠢ ᠬᠢᠨᠠᠨ ᠬᠠᠷᠭᠤᠭᠤᠯᠤᠨ᠎ᠠ︔ | 2. ᠬᠢᠷᠢ ᠬᠡᠮ ᠭᠤᠶᠤᠴᠢᠯᠠᠬᠤ ᠶᠠᠪᠤᠴᠠ᠄ ᠬᠡᠷᠡᠭᠯᠡᠭᠴᠢ ︵ᠭᠠᠷ ᠤᠲᠠᠰᠤᠨ ᠤ ᠪᠠᠶᠢᠷᠢ ᠲᠣᠭᠲᠠᠭᠠᠯᠲᠠ ᠨᠢ | ᠹᠧᠩᠵᠧᠨ ᠬᠤᠲᠠ︶ ᠶᠦᠨ ᠱᠠᠨ ᠹᠦ᠋ ᠲᠠᠩᠰᠠᠨ ᠡᠷᠦᠬᠡ ᠪᠠᠨ ᠤᠷᠢᠳᠴᠢᠯᠠᠨ ᠳᠠᠩᠰᠠᠯᠠᠭᠤᠯᠬᠤ ᠬᠡᠷᠡᠭᠲᠡᠢ᠃ ᠶᠦᠨ | ᠱᠠᠨ ᠹᠦ᠋ ᠵᠢᠵᠢᠭ ᠫᠷᠣᠭ᠍ᠷᠠᠮ ᠳᠤ ᠣᠷᠣᠭᠰᠠᠨ ᠤ ᠳᠠᠷᠠᠭ᠎ᠠ᠂ ᠡᠩ ᠲᠡᠷᠢᠭᠦᠨ ᠳᠤ᠄ ︽ᠬᠠᠭᠤᠴᠢᠨ ᠭᠡᠷ ᠤᠨ ᠴᠠᠬᠢᠯᠭᠠᠨ | ᠬᠡᠷᠡᠭᠰᠡᠯ ᠢ ᠳᠡᠩᠰᠡᠯᠡᠵᠦ ᠬᠤᠷᠢᠶᠠᠨ ᠠᠪᠬᠤ ᠴᠢᠬᠤᠯᠠᠲᠠᠢ ᠡᠰᠡᠬᠦ︾ ᠶᠢ ᠰᠠᠨᠠᠭᠤᠯᠵᠤ ᠪᠤᠢ᠃ ᠵᠢᠱᠢᠶᠡᠯᠡᠪᠡᠯ ︽ | ᠪᠠᠶᠢᠨ᠎ᠠ︾ ᠶᠢ ᠰᠣᠩᠭᠤᠬᠤ᠄ ᠬᠠᠭᠤᠴᠢᠨ ᠭᠡᠷ ᠤᠨ ᠴᠠᠬᠢᠯᠭᠠᠨ ᠬᠡᠷᠡᠭᠰᠡᠯ ᠤᠨ ᠳᠠᠩᠰᠠᠯᠠᠯᠲᠠ ᠶᠢᠨ ᠬᠠᠭᠤᠳᠠᠰᠤᠨ ᠳᠤ | ᠣᠷᠣᠵᠤ ᠳᠠᠩᠰᠠᠯᠠᠭᠤᠯᠤᠨ᠎ᠠ ︵ᠭᠡᠷ ᠤᠨ ᠴᠠᠬᠢᠯᠭᠠᠨ ᠬᠡᠷᠡᠭᠰᠡᠯ ᠤᠨ ᠲᠥᠷᠥᠯ ᠵᠦᠢᠯ᠂ ᠣᠪᠣᠭ ᠨᠡᠷ᠎ᠡ᠂ ᠳ᠋ᠢᠶᠠᠩᠬᠤᠸᠠ᠂ | ᠬᠠᠷᠢᠶᠠᠯᠠᠭᠳᠠᠬᠤ ᠭᠠᠵᠠᠷ ᠨᠢ ᠹᠧᠩᠵᠧᠨ ᠬᠤᠲᠠ︶᠂ ᠳᠠᠩᠰᠠᠯᠠᠭᠤᠯᠵᠤ ᠪᠠᠷᠠᠭᠰᠠᠨ ᠤ ᠳᠠᠷᠠᠭ᠎ᠠ᠂ ᠬᠡᠷᠡᠭᠯᠡᠭᠴᠢᠳ ᠤᠨ | ᠬᠢᠷᠢ ᠬᠡᠮ ᠢ ᠠᠦ᠋ᠲ᠋ᠣ᠋ ᠪᠠᠷ ᠬᠢᠨᠠᠨ ᠰᠢᠯᠭᠠᠬᠤ ᠨᠢᠭᠤᠷ ᠳᠡᠭᠡᠷ᠎ᠡ ᠰᠢᠯᠵᠢᠭᠦᠯᠦᠨ᠎ᠡ᠂ ᠬᠢᠨᠠᠨ ᠰᠢᠯᠭᠠᠭᠠᠳ ᠠᠮᠵᠢᠯᠲᠠ | ᠣᠯᠣᠭᠰᠠᠨ ᠤ ᠳᠠᠷᠠᠭ᠎ᠠ ᠬᠡᠷᠡᠭᠯᠡᠭᠴᠢᠳ ᠤᠨ ᠪᠣᠳᠠᠲᠤ ᠬᠡᠷᠡᠭᠴᠡᠭᠡ ᠶᠢ ᠦᠨᠳᠦᠰᠦᠯᠡᠨ ᠦᠨ᠎ᠡ ᠬᠠᠰᠤᠬᠤ ᠲᠡᠮᠳᠡᠭᠲᠦ ︵ | 15 ᠵᠦᠢᠯ ᠤᠨ ᠲᠥᠷᠥᠯ ᠵᠦᠢᠯ ᠤᠨ 30 ᠲᠡᠮᠳᠡᠭᠲᠦ︶ ᠶᠢ ᠥᠪᠡᠷ ᠢᠶᠠᠨ ᠠᠪᠴᠤ᠂ ᠲᠥᠷᠥᠯ ᠵᠦᠢᠯ ᠪᠦᠷᠢ ᠠᠴᠠ | 1 ᠬᠠᠭᠤᠳᠠᠰᠤ ᠠᠪᠤᠨ᠎ᠠ᠃ ᠬᠡᠷᠪᠡ ︽ᠦᠭᠡᠢ︾ ᠶᠢ ᠰᠤᠩᠭᠤᠪᠠᠯ᠄ ᠬᠡᠷᠡᠭᠯᠡᠭᠴᠢᠳ ᠤᠨ ᠬᠢᠷᠢ ᠬᠡᠮ ᠢ ᠠᠦ᠋ᠲ᠋ᠣ᠋ ᠪᠠᠷ | ᠬᠢᠨᠠᠨ ᠰᠢᠯᠭᠠᠬᠤ ᠲᠠᠯ᠎ᠠ ᠳᠤ ᠰᠢᠯᠵᠢᠵᠦ᠂ ᠬᠢᠨᠠᠨ ᠰᠢᠯᠭᠠᠭᠠᠳ ᠠᠮᠵᠢᠯᠲᠠ ᠣᠯᠣᠭᠰᠠᠨ ᠤ ᠳᠠᠷᠠᠭ᠎ᠠ ᠬᠡᠷᠡᠭᠯᠡᠭᠴᠢᠳ ᠤᠨ | ᠪᠣᠳᠠᠲᠤ ᠬᠡᠷᠡᠭᠴᠡᠭᠡ ᠶᠢ ᠦᠨᠳᠦᠰᠦᠯᠡᠨ ᠦᠨ᠎ᠡ ᠬᠠᠰᠤᠬᠤ ᠲᠡᠮᠳᠡᠭᠲᠦ ︵15 ᠵᠦᠢᠯ ᠤᠨ ᠲᠥᠷᠥᠯ ᠵᠦᠢᠯ ᠤᠨ 30 | ᠵᠦᠢᠯ ᠤᠨ ᠲᠡᠮᠳᠡᠭᠲᠦ︶ ᠶᠢ ᠥᠪᠡᠷ ᠢᠶᠠᠨ ᠠᠪᠴᠤ᠂ ᠲᠥᠷᠥᠯ ᠵᠦᠢᠯ ᠪᠦᠷᠢ ᠶᠢᠨ ᠲᠥᠷᠥᠯ ᠵᠦᠢᠯ ᠤᠨ ᠬᠢᠵᠠᠭᠠᠷ ᠢ | 1ᠬᠤᠪᠢ ᠠᠪᠤᠨ᠎ᠠ᠃ ᠬᠡᠷᠪᠡ ᠭᠤᠶᠤᠴᠢᠯᠠᠬᠤ ᠬᠢᠷᠢ ᠬᠡᠮ ᠨᠢ ᠠᠰᠠᠭᠤᠳᠠᠯ ᠲᠠᠢ ᠪᠣᠯ᠂ ᠤᠯᠤᠰ ᠤᠨ ᠲᠠᠪᠴᠠᠩ ᠤᠨ | ᠰᠠᠨᠠᠭᠤᠯᠭ᠎ᠠ ᠪᠠᠷ ᠬᠢᠬᠦ ᠠᠭᠤᠯᠭ᠎ᠠ ᠶᠢᠨ ᠶᠣᠰᠣᠭᠠᠷ᠂ ᠡᠭᠦᠯᠡᠨ ᠭᠢᠯᠪᠠᠭᠠᠨ ᠲᠥᠯᠥᠬᠦ ᠵᠢᠵᠢᠭ ᠫᠷᠣᠭ᠍ᠷᠠᠮ ᠳᠤ ᠳᠡᠯᠭᠡᠨ | ᠦᠵᠡᠭᠦᠯᠦᠨ᠎ᠡ᠃ | 3. ᠬᠡᠷᠡᠭᠯᠡᠭᠡᠨ ᠤ ᠶᠠᠪᠤᠴᠠ᠄ ᠬᠡᠷᠡᠭᠯᠡᠭᠴᠢᠳ ︽ᠬᠠᠭᠤᠴᠢᠨ ᠢᠶᠠᠷ ᠰᠢᠨ᠎ᠡ ᠶᠢ ᠰᠣᠯᠢᠬᠤ︾ ᠲᠥᠷᠥ ᠶᠢᠨ | ᠪᠣᠳᠣᠯᠭ᠎ᠠ ᠶᠢᠨ ᠲᠠᠸᠠᠷ ᠤᠨ ᠵᠣᠷᠢᠯᠭ᠎ᠠ ᠳᠤ ᠨᠡᠶᠢᠴᠡᠬᠦ ᠲᠠᠸᠠᠷ ᠢ ᠰᠣᠩᠭᠤᠬᠤ ᠳᠤ᠂ ᠮᠥᠩᠭᠦ ᠬᠤᠷᠢᠶᠠᠭᠴᠢ ᠭᠥᠯᠢᠶᠡᠨ | ᠠᠪᠴᠤ ᠰᠢᠢᠳᠪᠦᠷᠢᠯᠡᠬᠦ ᠦᠵᠦᠭᠦᠷ ᠢ ᠬᠡᠷᠡᠭᠯᠡᠵᠦ᠂ ︽ᠬᠠᠭᠤᠴᠢᠨ ᠢᠶᠠᠷ ᠰᠢᠨ᠎ᠡ ᠶᠢ ᠰᠣᠯᠢᠬᠤ︾ ᠲᠥᠷᠥ ᠶᠢᠨ | ᠪᠣᠳᠣᠯᠭ᠎ᠠ ᠶᠢᠨ ᠲᠠᠸᠠᠷ ᠤᠨ ᠵᠣᠷᠢᠯᠭ᠎ᠠ ᠳᠤ ᠨᠡᠶᠢᠴᠡᠬᠦ ᠲᠠᠸᠠᠷ ᠤᠨ ᠵᠢᠷᠤᠭᠠᠰᠤᠨ ᠲᠡᠮᠳᠡᠭ ᠢ ᠦᠵᠦᠭᠦᠷ ᠤᠨ | ᠪᠣᠷᠤᠯᠠᠭᠤᠯᠭ᠎ᠠ ᠶᠢᠨ ᠲᠠᠯ᠎ᠠ ᠳᠤ ᠰᠢᠷᠪᠢᠵᠦ᠂ ᠲᠣᠭᠠᠴᠠᠭ᠎ᠠ ᠬᠢᠬᠦ ᠶᠢ ᠰᠣᠩᠭᠤᠵᠤ᠂ ᠪᠠᠩᠬᠢ ᠶᠢᠨ ᠬᠤᠯᠪᠣᠭᠠᠨ ᠤ ᠶᠦᠨ | ᠱᠠᠨ ᠹᠦ᠋ ᠬᠤᠶᠠᠷ ᠬᠡᠮᠵᠢᠯᠲᠦ ᠲᠡᠮᠳᠡᠭ ᠤᠨ ᠰᠢᠷᠪᠢᠯᠲᠡ ᠪᠤᠶᠤ ᠶᠦᠨ ᠱᠠᠨ ᠹᠦ᠋ ᠶᠢ ᠬᠤᠯᠪᠣᠭᠰᠠᠨ 62 ᠡᠬᠢᠨ ᠤ | ᠪᠠᠩᠬᠢ ᠶᠢᠨ ᠺᠠᠷᠲ ᠢᠶᠠᠷ ᠲᠣᠭᠠᠴᠠᠭ᠎ᠠ ᠬᠢᠵᠦ᠂ ᠠᠷᠤ ᠲᠠᠪᠴᠠᠩ ᠳᠤ ᠲᠡᠮᠳᠡᠭᠲᠦ ᠶᠢᠨ ᠲᠡᠮᠳᠡᠭ ᠤᠨ ᠨᠣᠮᠧᠷ ᠢ | ᠰᠢᠯᠭᠠᠨ ᠪᠠᠲᠤᠯᠠᠭᠰᠠᠨ ᠤ ᠳᠠᠷᠠᠭ᠎ᠠ ᠲᠣᠭᠠᠴᠠᠭ᠎ᠠ ᠬᠢᠵᠦ ᠳᠠᠭᠤᠰᠬᠠᠨ᠎ᠠ᠃ ᠳᠡᠭᠡᠷᠡᠬᠢ ᠪᠣᠶ ᠪᠦᠬᠦᠢ ᠠᠵᠢᠯᠯᠠᠭ᠎ᠠ ᠶᠢ | ᠪᠡᠶᠡᠯᠡᠭᠦᠯᠦᠭᠰᠡᠨ ᠤ ᠳᠠᠷᠠᠭ᠎ᠠ ᠥᠪᠡᠷᠲᠡᠭᠡᠨ ᠵᠠᠰᠠᠬᠤ ᠣᠷᠣᠨ ᠤ ᠲᠠᠪᠴᠠᠩ ᠨᠢ ᠪᠥᠬᠦ ᠤᠯᠤᠰ ᠤᠨ ᠲᠠᠪᠴᠠᠩ ᠳᠤ ᠬᠢᠷᠢ | ᠬᠡᠮ ᠢ ᠬᠠᠷᠭᠤᠭᠤᠯᠤᠨ ᠬᠠᠰᠤᠬᠤ ᠶᠢ ᠪᠡᠶᠡᠯᠡᠭᠦᠯᠬᠦ ᠶᠢ ᠮᠡᠳᠡᠭᠳᠡᠨ᠎ᠡ᠃ | ᠲᠠᠪᠤ᠂ ᠪᠤᠰᠤᠳ ᠱᠠᠭᠠᠷᠳᠠᠯᠭ᠎ᠠ | ᠠᠵᠢᠯᠯᠠᠭ᠎ᠠ ᠶᠢᠨ ᠶᠠᠪᠤᠴᠠ ᠳᠤ ᠬᠡᠷᠪᠡ ᠬᠤᠳᠠᠯ ᠬᠡᠯᠡᠵᠦ ᠬᠠᠭᠤᠷᠮᠠᠭ ᠢᠶᠠᠷ ᠵᠣᠬᠢᠶᠠᠬᠤ᠂ ᠪᠡᠯᠡ ᠮᠥᠩᠭᠦ ᠶᠢ | ᠮᠡᠬᠡᠯᠡᠨ ᠨᠥᠬᠦᠪᠦᠷᠢᠯᠡᠬᠦ ᠵᠢᠴᠢ ᠶᠠᠰᠤ ᠴᠢᠨᠠᠷ᠂ ᠦᠨ᠎ᠡ ᠬᠠᠩᠰᠢ ᠵᠡᠷᠭᠡ ᠠᠰᠠᠭᠤᠳᠠᠯ ᠢ ᠣᠯᠵᠤ ᠮᠡᠳᠡᠪᠡᠯ᠂ ᠬᠠᠮᠢᠶ᠎ᠠ | ᠪᠦᠬᠦᠢ ᠰᠠᠯᠠᠭ᠎ᠠ ᠮᠥᠴᠢᠷ ᠠᠴᠠ ᠴᠢᠩᠭ᠎ᠠ ᠴᠣᠬᠢᠯᠲᠠ ᠥᠭᠬᠦ ᠶᠢᠨ ᠬᠠᠮᠲᠤ ᠬᠠᠤᠯᠢ ᠴᠠᠭᠠᠵᠠ ᠶᠢᠨ ᠬᠠᠷᠢᠭᠤᠴᠠᠯᠭ᠎ᠠ | ᠨᠡᠬᠡᠮᠵᠢᠯᠡᠬᠦ ᠶᠢᠨ ᠬᠠᠮᠲᠤ ᠠᠷᠠᠳ ᠣᠯᠠᠨ ᠤ ᠬᠢᠨᠠᠯᠲᠠ ᠶᠢ ᠬᠦᠯᠢᠶᠡᠵᠦ᠂ ᠭᠡᠷ ᠤᠨ ᠴᠠᠬᠢᠯᠭᠠᠨ ᠬᠡᠷᠡᠭᠰᠡᠯ ᠤᠨ | ᠬᠠᠭᠤᠴᠢᠨ ᠢᠶᠠᠷ ᠰᠢᠨ᠎ᠡ ᠶᠢ ᠰᠣᠯᠢᠬᠤ ᠨᠥᠬᠦᠪᠦᠷᠢ ᠶᠢ ᠥᠷᠭᠡᠨ ᠣᠯᠠᠨ ᠬᠡᠷᠡᠭᠯᠡᠭᠴᠢᠳ ᠲᠤ ᠬᠦᠷᠲᠡᠭᠡᠬᠦ ᠶᠢ ᠦᠨᠡᠨᠬᠦ | ᠪᠠᠲᠤᠯᠠᠬᠤ ᠬᠡᠷᠡᠭᠲᠡᠢ᠃ | ᠬᠡᠷᠡᠭᠯᠡᠭᠴᠢᠳ ᠨᠢᠭᠡᠨᠲᠡ ᠠᠪᠤᠭᠰᠠᠨ ᠫᠢᠶᠣᠣ ᠶᠢᠨ ᠬᠠᠭᠤᠳᠠᠰᠤ ᠠᠴᠠ ᠨᠠᠷᠢᠨ ᠲᠣᠳᠣᠷᠬᠠᠢ ᠳᠦᠷᠢᠮ ᠢ | ᠪᠠᠶᠢᠴᠠᠭᠠᠨ ᠦᠵᠡᠬᠦ ᠪᠤᠶᠤ ᠳᠤᠮᠳᠠᠳᠤ ᠤᠯᠤᠰ ᠤᠨ ᠪᠠᠩᠬᠢ ᠶᠢᠨ ᠬᠤᠯᠪᠣᠭᠠᠨ ᠤ ᠦᠢᠯᠡᠴᠢᠯᠡᠭᠡᠨ ᠤ ᠤᠲᠠᠰᠤ | 95516 ᠳᠤ ᠴᠠᠬᠢᠯᠭᠠᠨ ᠮᠡᠳᠡᠭᠡ ᠶᠠᠪᠤᠭᠤᠯᠵᠤ ᠬᠤᠯᠪᠣᠭᠳᠠᠯ ᠪᠦᠬᠦᠢ ᠤᠴᠢᠷ ᠶᠠᠪᠤᠳᠠᠯ ᠢ ᠯᠠᠪᠯᠠᠭᠰᠠᠨ ᠪᠠᠶᠢᠨ᠎ᠠ᠃ | ᠲᠠᠶᠢᠯᠪᠤᠷᠢ᠄ ᠠᠵᠢᠯᠯᠠᠭ᠎ᠠ ᠶᠢᠨ ᠬᠠᠮᠤᠭ ᠡᠴᠦᠰ ᠤᠨ ᠲᠠᠶᠢᠯᠪᠤᠷᠢᠯᠠᠬᠤ ᠡᠷᠬᠡ ᠨᠢ ᠤᠯᠠᠭᠠᠨᠴᠠᠪ ᠬᠤᠲᠠ ᠶᠢᠨ | ᠬᠤᠳᠠᠯᠳᠤᠭᠠᠨ ᠤ ᠶᠠᠪᠤᠳᠠᠯ ᠤᠨ ᠲᠣᠪᠴᠢᠶ᠎ᠠ᠂ ᠹᠧᠩᠵᠧᠨ ᠬᠤᠲᠠ ᠶᠢᠨ ᠠᠵᠤ ᠦᠢᠯᠡᠳᠪᠦᠷᠢ ᠪᠠ ᠮᠡᠳᠡᠭᠡ | ᠵᠠᠩᠬᠢᠴᠢᠯᠠᠯᠲᠠ ᠶᠢᠨ ᠲᠣᠪᠴᠢᠶ᠎ᠠ ᠳᠤ ᠬᠠᠷᠢᠶᠠᠯᠠᠭᠳᠠᠨ᠎ᠠ᠃ | | | ᠹᠧᠩᠵᠧᠨ ᠬᠤᠲᠠ ᠶᠢᠨ ᠠᠵᠤ ᠦᠢᠯᠡᠳᠪᠦᠷᠢ ᠪᠠ ᠮᠡᠳᠡᠭᠡ ᠵᠠᠩᠬᠢᠴᠢᠯᠠᠯᠲᠠ ᠶᠢᠨ ᠲᠣᠪᠴᠢᠶ᠎ᠠ ︵ | ᠬᠤᠳᠠᠯᠳᠤᠭᠠᠨ ᠤ ᠶᠠᠪᠤᠳᠠᠯ ᠤᠨ ᠲᠣᠪᠴᠢᠶ᠎ᠠ︶ | 2024 ᠣᠨ ᠤ 9 ᠰᠠᠷ᠎ᠠ ᠶᠢᠨ 29 ᠤ ᠡᠳᠦᠷ | | | ᠤᠷᠴᠢᠭᠤᠯᠤᠭᠴᠢ᠄ ᠬᠠᠨ ᠰᠢᠶᠤᠤ ᠿᠦᠩ | ᠬᠢᠨᠠᠭᠴᠢ᠄ ᠼᠦᠢ ᠶᠢᠩ | |