| | ᠬᠡᠪᠡᠭ᠄ ᠬᠡᠪᠡᠭ ᠤᠨ ᠹᠣᠰᠹᠣᠷ ᠤᠨ ᠠᠭᠤᠯᠤᠭᠳᠠᠴᠠ ᠨᠢ ᠺᠠᠯᠼ ᠤᠨ ᠠᠭᠤᠯᠤᠭᠳᠠᠴᠠ ᠶᠢᠨ 4 ᠳᠠᠬᠢᠨ ᠠᠴᠠ | ᠳᠡᠭᠡᠭᠰᠢ ᠪᠠᠶᠢᠳᠠᠭ᠃ ᠺᠠᠯᠼ ᠹᠣᠰᠹᠣᠷ ᠲᠡᠩᠴᠡᠭᠦᠷᠢ ᠪᠠᠨ ᠠᠯᠳᠠᠭᠰᠠᠨ ᠠᠴᠠ ᠪᠣᠯᠤᠭᠰᠠᠨ ᠮᠥᠭᠡᠷᠰᠦᠨ ᠤ ᠡᠪᠡᠳᠴᠢᠨ | ᠪᠤᠶᠤ ᠶᠠᠰᠤ ᠵᠥᠭᠡᠯᠡᠷᠡᠬᠦ ᠡᠪᠡᠳᠴᠢᠨ ᠢ ᠵᠠᠰᠠᠬᠤ ᠳᠤ ᠬᠡᠪᠡᠭ ᠲᠡᠵᠢᠭᠡᠬᠦ ᠪᠠᠨ ᠵᠣᠭᠰᠣᠨ᠎ᠠ᠃ | ᠰᠢᠷ᠎ᠠ ᠪᠤᠷᠴᠠᠭ᠄ ᠰᠢᠷ᠎ᠠ ᠪᠤᠷᠴᠠᠭ ᠲᠤ ᠨᠡᠯᠢᠶᠡᠳ ᠠᠷᠪᠢᠨ ᠺᠠᠯᠼ᠂ ᠮᠠᠭᠨᠢ ᠵᠡᠷᠭᠡ ᠠᠭᠤᠯᠤᠭᠳᠠᠵᠤ᠂ ᠰᠧ | ᠬᠤᠸᠠᠨ ᠰᠦ᠋ ᠶᠢᠨ ᠲᠥᠷᠥᠯ ᠤᠨ ᠡᠮ ︵ᠰᠧ ᠬᠤᠸᠠᠨ ᠰᠦ᠋᠂ ᠲᠦ᠋ ᠮᠧᠢ ᠰᠦ᠋᠂ ᠴᠢᠶᠠᠩ ᠯᠢ ᠮᠸᠢ ᠰᠦ᠋ ᠵᠡᠷᠭᠡ︶ ᠲᠠᠢ | ᠨᠡᠶᠢᠯᠡᠭᠡᠳ ᠤᠰᠤᠨ ᠳᠤ ᠠᠭᠤᠰᠬᠤ ᠦᠭᠡᠢ ᠪᠠᠶᠢᠵᠤ᠂ ᠰᠢᠩᠭᠡᠭᠡᠬᠦ ᠳᠤ ᠬᠦᠴᠢᠷ ᠣᠷᠤᠨᠵᠢᠪᠤᠷᠢ ᠪᠣᠳᠠᠰ ᠪᠣᠯᠵᠤ᠂ | ᠡᠳᠡᠭᠡᠷ ᠨᠢᠶᠠᠨ ᠳᠠᠷᠤᠭᠴᠢ ᠶᠢᠨ ᠡᠮᠴᠢᠯᠡᠭᠡᠨ ᠤ ᠦᠢᠯᠡᠳᠦᠯ ᠢ ᠨᠢ ᠪᠠᠭᠤᠷᠠᠭᠤᠯᠳᠠᠭ᠃ ᠡᠳᠡᠭᠡᠷ ᠨᠢᠶᠠᠨ ᠳᠠᠷᠤᠭᠴᠢ ᠶᠢ | ᠬᠡᠷᠡᠭᠯᠡᠵᠦ ᠡᠪᠡᠳᠴᠢᠨ ᠢ ᠰᠡᠷᠭᠡᠶᠢᠯᠡᠨ ᠵᠠᠰᠠᠬᠤ ᠬᠤᠭᠤᠴᠠᠭᠠᠨ ᠳᠤ ᠪᠤᠷᠴᠠᠭ ᠤᠨ ᠵᠦᠢᠯ ᠪᠠ ᠰᠢᠬᠠᠳᠠᠰᠤ ᠶᠢᠨ | ᠵᠦᠢᠯ ᠤᠨ ᠪᠣᠷᠳᠤᠭ᠎ᠠ ᠶᠢ ᠪᠠᠭ᠎ᠠ ᠢᠳᠡᠭᠦᠯᠬᠦ ᠪᠤᠶᠤ ᠢᠳᠡᠭᠦᠯᠬᠦ ᠦᠭᠡᠢ ᠪᠠᠶᠢᠪᠠᠯ ᠵᠣᠬᠢᠨ᠎ᠠ᠃ | ᠬᠥᠪᠥᠩ ᠤᠨ ᠦᠷ᠎ᠡ ᠶᠢᠨ ᠪᠣᠣᠪᠤ᠄ ᠬᠥᠪᠥᠩ ᠤᠨ ᠦᠷ᠎ᠡ ᠶᠢᠨ ᠪᠣᠣᠪᠤ ᠸᠢᠲ᠋ᠠᠮᠢᠨ A ᠰᠢᠩᠭᠡᠬᠡᠨ ᠠᠪᠴᠤ | ᠠᠰᠢᠭᠯᠠᠬᠤ ᠶᠢ ᠨᠥᠯᠥᠭᠡᠯᠡᠨ᠎ᠡ᠂ ᠸᠢᠲ᠋ᠠᠮᠢᠨ A ᠳᠤᠲᠠᠭᠳᠠᠬᠤ ᠶᠢ ᠰᠡᠷᠭᠡᠶᠢᠯᠡᠬᠦ ᠦᠶ᠎ᠡ ᠳᠤ ᠬᠥᠪᠥᠩ ᠤᠨ ᠦᠷ᠎ᠡ ᠶᠢᠨ | ᠪᠣᠣᠪᠤ ᠲᠡᠵᠢᠭᠡᠬᠦ ᠪᠠᠨ ᠵᠣᠭᠰᠣᠪᠠᠯ ᠵᠣᠬᠢᠨ᠎ᠠ᠃ | ᠺᠠᠯᠼᠯᠢᠭ ᠲᠡᠵᠢᠭᠡᠯ ᠪᠣᠷᠳᠤᠭ᠎ᠠ᠄ ᠰᠧ ᠬᠤᠸᠠᠨ ᠰᠦ᠋ ᠶᠢᠨ ᠲᠥᠷᠥᠯ ᠤᠨ ᠪᠠᠺᠲ᠋ᠧᠷᠢ ᠡᠰᠡᠷᠭᠦᠴᠡᠬᠦ ᠡᠳ᠋ ᠢ | ᠬᠡᠷᠡᠭᠯᠡᠬᠦ ᠳᠡᠭᠡᠨ ᠴᠣᠬᠤᠢ᠂ ᠶᠠᠰᠤᠨ ᠤ ᠲᠠᠯᠬ᠎ᠠ᠂ ᠬᠢᠰᠤᠭ᠎ᠠ ᠶᠢᠨ ᠲᠠᠯᠬ᠎ᠠ᠂ ᠥᠨᠳᠡᠭᠡᠨ ᠬᠠᠯᠢᠰᠤᠨ ᠤ ᠲᠠᠯᠬ᠎ᠠ᠂ | ᠵᠤᠭᠠᠩ ᠤᠨ ᠲᠠᠯᠬ᠎ᠠ ᠵᠡᠷᠭᠡ ᠺᠠᠯᠼ ᠤᠨ ᠲᠦᠷᠦᠯ ᠤᠨ ᠲᠡᠵᠢᠭᠡᠯ ᠪᠣᠷᠳᠤᠭ᠎ᠠ ᠶᠢ ᠲᠡᠵᠢᠭᠡᠬᠦ ᠪᠠᠨ ᠵᠣᠭᠰᠣᠵᠤ᠂ ᠺᠠᠯᠼ | ᠬᠡᠲᠦᠷᠡᠭᠰᠡᠨ ᠠᠴᠠ ᠪᠣᠯᠵᠤ ᠲᠡᠮᠦᠷ ᠤᠨ ᠰᠢᠩᠭᠡᠭᠡᠯᠲᠡ ᠶᠢ ᠨᠥᠯᠥᠭᠡᠯᠡᠬᠦ ᠠᠴᠠ ᠵᠠᠶᠢᠯᠠᠰᠬᠢᠨ᠎ᠡ᠃ | ᠢᠳᠡᠭᠡᠨ ᠤ ᠳᠠᠪᠤᠰᠤ᠄ ᠳᠣᠣᠷᠠᠬᠢ ᠪᠠᠶᠢᠳᠠᠯ ᠳᠤ ᠳᠠᠪᠤᠰᠤ ᠲᠡᠵᠢᠭᠡᠬᠦ ᠶᠢ ᠬᠢᠵᠠᠭᠠᠷᠯᠠᠬᠤ ᠪᠤᠶᠤ ᠢᠳᠡᠬᠦ ᠪᠠᠨ | ᠵᠣᠭᠰᠣᠬᠤ ᠬᠡᠷᠡᠭᠲᠡᠢ︔ ᠨᠢᠭᠡ ᠳᠤ᠂ ᠪᠷᠤᠮᠳᠤ ᠨᠢᠭᠡᠳᠪᠦᠷᠢ ᠶᠢᠨ ᠨᠠᠶᠢᠷᠠᠯᠭ᠎ᠠ ᠶᠢ ᠬᠡᠷᠡᠭᠯᠡᠬᠦ ᠦᠶ᠎ᠡ ᠳᠤ᠂ ᠢᠳᠡᠰᠢᠨ ᠤ | ᠳᠠᠪᠤᠰᠤᠨ ᠳᠠᠬᠢ ᠾᠯᠣᠷ ᠢᠶᠤᠨ ᠪᠣᠯᠣᠨ ᠪᠷᠤᠮᠳᠤ ᠢᠶᠤᠨ ᠤ ᠲᠦᠷᠭᠡᠨ ᠢᠯᠭᠠᠷᠠᠬᠤ ᠶᠢ ᠰᠡᠷᠭᠡᠶᠢᠯᠡᠨ᠎ᠡ᠃ | ᠬᠤᠶᠠᠷ ᠲᠤ᠂ ᠯᠢᠶᠠᠨ ᠮᠧᠶ ᠰᠦ᠋ ᠤᠤᠭᠤᠯᠭᠠᠬᠤ ᠦᠶ᠎ᠡ ᠳᠤ᠂ ᠯᠢᠶᠠᠨ ᠮᠧᠶ ᠰᠦ᠋ ᠶᠢᠨ ᠡᠮᠴᠢᠯᠡᠭᠡᠨ ᠤ ᠠᠴᠢ ᠲᠤᠰᠠ ᠶᠢ | ᠪᠠᠭᠤᠷᠠᠭᠤᠯᠬᠤ ᠠᠴᠠ ᠵᠠᠶᠢᠯᠠᠰᠬᠢᠨ᠎ᠡ᠃ ᠭᠤᠷᠪᠠ ᠳᠤ᠂ ᠪᠥᠭᠡᠷ᠎ᠡ ᠶᠢᠨ ᠦᠷᠪᠢᠰᠦᠯ ᠢ ᠡᠮᠨᠡᠨ ᠵᠠᠰᠠᠬᠤ | ᠬᠤᠭᠤᠴᠠᠭᠠᠨ ᠳᠤ ᠤᠰᠤ ᠪᠡᠶ᠎ᠡ ᠶᠢᠨ ᠳᠣᠲᠣᠷ᠎ᠠ ᠦᠯᠡᠳᠡᠵᠦ ᠤᠰᠤᠨ ᠬᠠᠪᠤᠩ ᠪᠣᠯᠵᠤ᠂ ᠪᠥᠭᠡᠷ᠎ᠡ ᠶᠢᠨ ᠦᠷᠪᠢᠰᠦᠯ ᠢ | ᠬᠦᠨᠳᠦᠷᠡᠭᠦᠯᠬᠦ ᠠᠴᠠ ᠰᠡᠷᠭᠡᠶᠢᠯᠡᠨ᠎ᠡ᠃ | ᠬᠦᠬᠦᠷᠯᠢᠭ ᠠᠮᠢᠨ ᠤ ᠲᠥᠷᠥᠯ ᠤᠨ ᠲᠡᠵᠢᠭᠡᠯ ᠪᠣᠷᠳᠣᠭᠠᠨ ᠤ ᠨᠡᠮᠡᠯᠲᠡ ᠡᠳ᠋᠄ ᠬᠦᠬᠦᠷ ᠨᠢ ᠬᠦᠬᠦᠷᠯᠢᠭ ᠠᠮᠢᠨ ᠤ | ᠲᠥᠷᠥᠯ ᠤᠨ ᠡᠮᠲᠦ ᠪᠣᠳᠠᠰ ᠤᠨ ᠴᠢᠰᠤᠨ ᠳᠤ ᠦᠵᠡᠭᠦᠯᠬᠦ ᠬᠤᠣᠷᠳᠠᠯ ᠢ ᠬᠦᠨᠳᠦᠷᠡᠭᠦᠯᠵᠦ᠂ ᠬᠦᠬᠦᠷ ᠤᠨ ᠴᠢᠰᠤᠨ | ᠰᠤᠳᠠᠯ ᠤᠨ ᠤᠯᠠᠭᠠᠨ ᠭᠡᠮ ᠪᠤᠶᠤ ᠤᠭᠤᠷᠠᠭᠲᠤ ᠴᠢᠰᠤᠨ ᠭᠡᠮ ᠢ ᠡᠭᠦᠰᠬᠡᠨ᠎ᠡ᠃ ᠬᠦᠬᠦᠷ ᠠᠭᠤᠯᠤᠭᠰᠠᠨ ᠡᠮᠲᠦ | ᠪᠣᠳᠠᠰ᠂ ᠵᠢᠱᠢᠶᠡᠯᠡᠪᠡᠯ ᠬᠦᠬᠦᠷ ᠬᠦᠴᠢᠯ ᠤᠨ ᠮᠠᠭᠨᠢ᠂ ᠬᠦᠬᠦᠷ ᠬᠦᠴᠢᠯ ᠤᠨ ᠺᠠᠯᠼ᠂ ᠬᠦᠬᠦᠷ ᠬᠦᠴᠢᠯ ᠤᠨ ᠨᠠᠳ᠋ᠷᠢ᠂ | ᠬᠢᠮᠡᠯ ᠳᠠᠪᠤᠰᠤ ᠶᠢ ᠬᠡᠷᠡᠭᠯᠡᠬᠦ ᠳᠡᠭᠡᠨ ᠬᠦᠬᠦᠷᠯᠢᠭ ᠠᠮᠢᠨ ᠤ ᠲᠥᠷᠥᠯ ᠤᠨ ᠲᠡᠵᠢᠭᠡᠯ ᠪᠣᠷᠳᠣᠭᠠᠨ ᠤ ᠨᠡᠮᠡᠯᠲᠡ ᠡᠳ᠋ ᠢ | ᠬᠡᠷᠡᠭᠯᠡᠬᠦ ᠪᠠᠨ ᠵᠣᠭᠰᠣᠬᠤ ᠬᠡᠷᠡᠭᠲᠡᠢ᠃ | | | | ᠪᠡᠯᠡᠳᠭᠡᠭᠰᠡᠨ ᠨᠢ᠄ ᠬᠠᠨ ᠰᠢᠶᠤᠤ ᠿᠦᠩ | ᠬᠢᠨᠠᠬᠴᠢ᠄ ᠼᠦᠢ ᠶᠢᠩ | ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ | ᠤ ᠲᠢᠩᠬᠢᠮ |