| ᠪᠠᠰᠠ ᠨᠢᠭᠡᠨ ᠳᠡᠯᠡᠬᠡᠢ ᠶᠢᠨ ᠨᠣᠮ ᠤᠩᠰᠢᠬᠤ ᠡᠳᠦᠷ ᠬᠦᠷᠴᠦ ᠢᠷᠡᠬᠦ ᠪᠠᠷ᠂ ᠤᠩᠰᠢᠯᠭ᠎ᠠ ᠶᠢᠨ ᠲᠤᠬᠠᠢ | ᠶᠠᠷᠢᠶ᠎ᠠ ᠵᠣᠭᠤᠭ ᠣᠯᠠᠰᠢᠷᠠᠭᠠᠳ ᠢᠷᠡᠬᠦ ᠨᠢ ᠲᠡᠷᠡ᠃ ᠮᠡᠳᠡᠯᠭᠡ ᠭᠡᠰᠡᠭᠷᠡᠵᠦ ᠮᠡᠳᠡᠭᠡ ᠵᠠᠩᠭᠢ ︽ᠳᠡᠯᠪᠡᠷᠡᠭᠰᠡᠨ︾ ᠡᠨᠡ | ᠴᠠᠭ ᠦᠶ᠎ᠡ ᠳᠤ ᠲᠤᠰᠬᠠᠶᠢᠯᠠᠨ ᠴᠠᠭ ᠭᠠᠷᠭᠠᠵᠤ ᠨᠣᠮ ᠤᠩᠰᠢᠵᠤ ᠰᠠᠭᠤᠬᠤ ᠬᠥᠮᠥᠰ ᠴᠥᠭᠡᠷᠡᠭᠰᠡᠨ ᠨᠢ ᠢᠯᠡᠳᠲᠡ᠃ | ᠬᠤᠷᠭᠤ ᠳᠦᠭᠦᠷᠲᠡᠯ᠎ᠡ ᠵᠡᠷᠭᠡᠯᠡᠭᠰᠡᠨ ᠨᠣᠮ ᠤᠳ ᠠᠴᠠ ᠪᠠᠨ ᠭᠠᠷᠭᠠᠨ ᠠᠪᠴᠤ ᠨᠠᠮ ᠰᠠᠭᠤᠵᠤ ᠠᠮᠲᠠᠷᠬᠠᠨ ᠤᠩᠰᠢᠬᠤ | ᠤᠳᠠᠭ᠎ᠠ ᠳᠠᠩᠴᠤ ᠴᠥᠭᠡᠨ ᠭᠡᠬᠦ ᠳᠤ᠂ ᠭᠡᠷ ᠲᠡᠭᠡᠨ ᠣᠷᠣᠮᠠᠭᠴᠠ ᠭᠠᠷ ᠤᠨ ᠠᠶ᠎ᠠ ᠪᠠᠷ ᠭᠠᠷ ᠤᠲᠠᠰᠤ ᠪᠠᠨ ᠳᠡᠯᠭᠡᠵᠦ | ᠨᠢᠭᠡ ᠬᠤᠶᠠᠷ ᠴᠠᠭ ᠢ ᠦᠯᠦ ᠮᠡᠳᠡᠭ ᠤᠨ ᠬᠤᠭᠤᠷᠣᠨᠳᠤ ᠥᠩᠭᠡᠷᠡᠭᠦᠯᠵᠦ ᠭᠠᠷᠬᠤ ᠨᠢ ᠨᠡᠯᠢᠶᠡᠳ ᠬᠥᠮᠥᠰ ᠤᠨ | ᠵᠤᠷᠰᠢᠯ ᠭᠡᠮᠡᠷ ᠪᠣᠯᠤᠭᠰᠠᠨ ᠨᠢ ᠡᠭᠦᠨ ᠤ ᠨᠢᠭᠡ ᠵᠢᠱᠢᠶ᠎ᠡ ᠪᠠᠶᠢᠯᠲᠠᠢ᠃ | ᠭᠠᠷ ᠤᠲᠠᠰᠤ ᠭᠠᠵᠠᠷ ᠶᠡᠭᠡ ᠠᠪᠤᠭᠰᠠᠨ ᠥᠨᠥᠳᠥᠷ ᠤᠷᠮ᠎ᠠ ᠪᠠᠬ᠎ᠠ ᠳᠤ ᠴᠢᠨᠢ ᠵᠣᠬᠢᠴᠠᠭᠤᠯᠤᠭᠰᠠᠨ | ᠠᠭᠤᠯᠭ᠎ᠠ ᠪᠠᠷ ᠪᠠᠶᠠᠯᠢᠭ ᠴᠠᠬᠢᠮ ᠸᠢᠳᠢᠤ᠋ ᠪᠢᠴᠢᠯᠭᠡ ᠠᠴᠠ ᠠᠪᠤᠭᠠᠳ ᠨᠢᠳᠦᠨ ᠡᠮᠦᠨ᠎ᠡ ᠴᠢᠨᠢ ᠪᠠᠶᠢᠬᠤ ᠶᠤᠮ ᠰᠢᠭ᠋ | ᠰᠠᠨᠠᠭᠳᠠᠭᠤᠯᠳᠠᠭ ᠶᠠᠩᠵᠤ ᠪᠦᠷᠢ ᠶᠢᠨ ᠰᠢᠭᠤᠳ ᠨᠡᠪᠲᠡᠷᠡᠭᠦᠯᠭᠡ ᠶᠢ ᠪᠠᠭᠲᠠᠭᠠᠭᠰᠠᠨ ᠲᠠᠯᠠᠢ ᠶᠡᠭᠡ ᠮᠡᠳᠡᠭᠡ ᠵᠠᠩᠭᠢ | ᠬᠠᠷᠠᠭ᠎ᠠ ᠰᠣᠨᠣᠷ ᠢ ᠳᠠᠮᠵᠢᠭᠠᠳ ᠬᠥᠮᠥᠰ ᠢ ︽ᠣᠯᠵᠠᠯᠠᠵᠤ︾ ᠪᠠᠶᠢᠬᠤ ᠨᠢ ᠮᠡᠳᠡᠭᠡᠵᠢ᠃ ᠪᠦᠷᠢᠳᠬᠡᠯ ᠢᠶᠠᠷ᠂ | ᠨᠢᠳᠤᠨᠤᠨ ᠳᠤᠮᠳᠠᠳᠤᠴᠤᠳ ᠤᠨ ᠡᠳᠦᠷ ᠳᠤᠮᠳᠠᠴᠢ ᠶᠢᠨ ᠭᠠᠷ ᠤᠲᠠᠰᠤ ᠱᠠᠭᠠᠶᠢᠵᠤ ᠪᠠᠶᠢᠭ᠎ᠠ ᠴᠠᠭ 7.2 ᠬᠦᠷᠴᠦ | ᠪᠠᠶᠢᠨ᠎ᠠ ᠭᠡᠵᠦ ᠪᠤᠢ᠃ ᠭᠠᠷ ᠤᠲᠠᠰᠤ ᠨᠢ ᠨᠢᠭᠡᠨᠲᠡ ᠤᠩᠰᠢᠯᠭ᠎ᠠ ᠳᠤ ᠬᠡᠴᠡᠭᠦᠦ ᠥᠷᠢᠰᠦᠯᠳᠦᠭᠡᠨ ᠠᠪᠴᠢᠷᠠᠭᠰᠠᠨ ᠨᠢ | ᠭᠠᠷᠴᠠᠭ᠎ᠠ ᠦᠭᠡᠢ᠃ ᠡᠶᠢᠮᠦ ᠳᠡᠭᠡᠨ ᠨᠣᠮ ᠤᠩᠰᠢᠬᠤ ᠶᠢ ᠵᠠᠷᠢᠮ ᠬᠥᠮᠥᠰ ︽ᠤᠷᠤᠭᠤᠯᠤᠯᠳᠠ ᠪᠠᠭ᠎ᠠ᠂ ᠣᠯᠣᠯᠲᠠ | ᠶᠡᠭᠡ︾ ︵ᠠᠳᠡ ᠬᠡᠯᠡᠵᠦ ᠪᠠᠶᠢᠭ᠎ᠠ ᠤᠷᠤᠭᠤᠯᠤᠯᠳᠠ ᠨᠢ ᠵᠣᠭᠤᠰ ᠮᠥᠩᠭᠦᠨ ᠤ ᠤᠷᠤᠭᠤᠯᠤᠯᠳᠠ᠂ ᠣᠯᠣᠯᠲᠠ ᠨᠢ | ᠤᠶᠤᠨ ᠰᠠᠨᠠᠭᠠᠨ ᠤ ᠬᠦᠷᠲᠡᠮᠵᠢ ᠶᠢ ᠵᠢᠭᠠᠵᠤ ᠪᠤᠢ︶ ᠭᠡᠬᠦ ᠳᠤ᠂ ᠵᠠᠷᠢᠮᠠᠳ ᠨᠢ ᠤᠳᠤ ᠬᠡᠷᠡᠭᠴᠡᠭᠡ ᠲᠠᠢ ᠮᠡᠳᠡᠭᠡ | ᠵᠠᠩᠭᠢ᠂ ᠮᠡᠳᠡᠯᠭᠡ ᠶᠢ ᠪᠦᠷ ᠰᠦᠯᠵᠢᠶᠡᠨ ᠠᠴᠠ ᠬᠠᠶᠢᠵᠤ ᠪᠣᠯᠣᠨ᠎ᠠ᠂ ᠨᠣᠮ ᠤᠩᠰᠢᠬᠤ ᠨᠢ ᠴᠠᠭ ᠤᠨ ᠭᠠᠷᠤᠵᠠ ᠭᠡᠬᠦ | ᠣᠨᠳᠣᠣ ᠦᠵᠡᠯᠲᠡ ᠲᠠᠢ ᠴᠦ ᠪᠠᠶᠢᠳᠠᠭ᠃ | ᠦᠨᠡᠨᠳᠡᠭᠡᠨ᠂ ᠠᠵᠢᠯ ᠠᠮᠢᠳᠤᠷᠠᠯ ᠳᠤ ᠲᠣᠬᠢᠶᠠᠯᠳᠤᠬᠤ ᠡᠭᠡᠳᠡᠷᠡᠭᠡ ᠶᠢ ᠪᠠᠭᠲᠠᠭᠠᠭᠰᠠᠨ ᠠᠯᠢ ᠤᠯᠠᠨ ᠠᠰᠠᠭᠤᠳᠠᠯ | ᠠᠰᠠᠭᠤᠯᠳᠠ ᠶᠢᠨ ᠬᠠᠷᠢᠭᠤᠯᠲᠠ ᠶᠢ ᠨᠣᠮ ᠠᠴᠠ ᠡᠷᠢᠵᠦ ᠣᠯᠵᠤ ᠪᠤᠯᠳᠠᠬ ᠢᠶᠠᠷ ᠢᠶᠠᠨ ᠨᠣᠮ ᠳᠤ ᠤᠨᠴᠠᠭᠠᠢ ᠰᠢᠳᠢ ᠲᠠᠢ᠃ | ᠨᠣᠮ ᠠᠴᠠ ᠡᠷᠲᠡᠨ ᠡᠳᠦᠭᠡ ᠭᠠᠳᠠᠭᠠᠳᠤ ᠳᠣᠲᠣᠭᠠᠳᠤ ᠶᠢᠨ ᠬᠢ ᠶᠢ ᠲᠣᠯᠢᠳᠠᠵᠤ᠂ ᠣᠯᠣᠯᠲᠠ ᠠᠯᠳᠠᠭᠳᠠᠯ᠂ ᠤᠯᠠᠷᠢᠯ | ᠬᠤᠪᠢᠷᠠᠯ ᠢ ᠰᠡᠩᠬᠡᠷᠡᠵᠦ ᠪᠤᠯᠳᠠᠬ ᠢᠶᠠᠷ ᠦᠯᠢᠳᠭᠡᠰᠢ ᠦᠭᠡᠢ ᠬᠦᠴᠦᠨ ᠴᠢᠳᠠᠯ ᠨᠢᠭᠤᠭᠳᠠᠵᠤ ᠪᠠᠶᠢᠳᠠᠭ᠃ | ᠡᠶᠢᠮᠦ ᠳᠡᠭᠡᠨ ᠰᠠᠶᠢᠨ ᠨᠣᠮ ᠢ ᠭᠦᠨ ᠤᠩᠰᠢᠬᠤ ᠶᠢ ᠪᠠᠷᠢᠮᠲᠠᠯᠠᠵᠤ ᠴᠢᠳᠠᠪᠠᠯ᠂ ᠬᠥᠮᠥᠨ ᠤ ᠰᠡᠳᠬᠢᠬᠦ ᠴᠢᠳᠠᠪᠤᠷᠢ᠂ | ᠤᠬᠠᠪᠤᠷᠢᠯᠠᠬᠤ ᠴᠢᠳᠠᠪᠤᠷᠢ᠂ ᠮᠠᠭᠠᠳᠯᠠᠬᠤ ᠴᠢᠳᠠᠪᠤᠷᠢ ᠠᠶᠠᠨᠳᠠᠭᠠᠨ ᠳᠡᠭᠡᠭᠰᠢᠯᠡᠬᠦ ᠶᠢᠨ ᠤᠯᠠᠮ ᠢᠶᠠᠷ ᠡᠷᠳᠡᠮ | ᠪᠣᠯᠪᠠᠰᠤᠷᠠᠯ ᠴᠦ ᠳᠡᠭᠡᠭᠰᠢᠯᠡᠵᠦ ᠴᠢᠳᠠᠬᠤ ᠨᠢ ᠯᠠᠪᠲᠠᠢ᠃ ᠨᠠᠶᠢᠵᠠ ᠠᠴᠠ ᠰᠣᠨᠣᠰᠤᠭᠰᠠᠨ ᠨᠢᠭᠡᠨ ᠶᠠᠪᠤᠳᠠᠯ ᠢ | ᠬᠤᠪᠢᠶᠠᠯᠴᠠᠪᠠᠯ᠄ ᠬᠤᠶᠠᠷ ᠨᠢᠭᠡᠴᠢ ᠶᠢᠨ ᠬᠢᠨ ᠤ ᠠᠭᠤᠯᠵᠠᠨ ᠶᠠᠷᠢᠯᠴᠠᠬᠤ ᠬᠤᠷᠠᠯ ᠳᠡᠭᠡᠷ᠎ᠡ᠂ ᠲᠡᠭᠦᠨ ᠤ ᠨᠢᠭᠡ ᠬᠠᠮᠲᠤ | ᠠᠵᠢᠯᠯᠠᠭᠴᠢ ᠨᠢ ᠶᠠᠷᠢᠯᠴᠠᠭᠠᠨ ᠤ ᠠᠭᠤᠯᠭ᠎ᠠ ᠶᠢᠨ ᠬᠠᠮᠢᠶᠠᠲᠠᠢ ᠨᠣᠮ ᠢ ᠤᠯᠠᠨ ᠤ ᠡᠮᠦᠨ᠎ᠡ ᠭᠠᠷᠭᠠᠨ ᠦᠵᠡᠭᠦᠯᠭᠦ ᠶᠢᠨ | ᠬᠠᠮᠲᠤ ᠡᠨᠡ ᠲᠤᠬᠠᠢ ᠤᠴᠢᠷᠯᠠᠵᠤ ᠭᠠᠷᠬᠤ ᠳᠤ᠂ ᠲᠤᠰᠬᠠᠢ ᠮᠡᠷᠭᠡᠵᠢᠯ ᠢᠶᠠᠷ ᠢᠶᠠᠨ ᠠᠵᠢᠯ ᠲᠦᠷᠦᠯ ᠤᠨ ᠢᠶᠠᠨ | ᠳᠣᠲᠣᠷ᠎ᠠ ᠣᠷᠦ᠋ᠢᠯᠠᠵᠤ ᠶᠠᠪᠤᠭ᠎ᠠ ᠨᠦᠭᠦᠭᠡ ᠲᠠᠯ᠎ᠠ ᠶᠢᠨ ᠬᠢᠨ ᠨᠢᠭᠡ ᠶᠡᠭᠡ ᠭᠠᠶᠢᠬᠠᠵᠤ ᠪᠢᠰᠢᠷᠡᠭᠰᠡᠨ ᠬᠠᠷᠠᠴᠠ ᠪᠠᠷ | ᠬᠠᠷᠠᠭᠰᠠᠨ ᠭᠡᠳᠡᠭ᠃ ᠥᠨᠥ ᠬᠠᠮᠲᠤ ᠠᠵᠢᠯᠯᠠᠭᠴᠢ ᠨᠢ ᠲᠣᠮᠣ ︽ᠨᠣᠮ ᠤᠨ ᠬᠤᠷᠣᠬᠠᠢ︾ ᠪᠠᠶᠢᠭᠰᠠᠨ ᠠᠴᠠ ᠰᠠᠶ᠋ᠢ | ᠶᠠᠷᠢᠬᠤ᠂ ᠪᠢᠴᠢᠬᠦ ᠠᠯᠢ ᠴᠦ ᠲᠠᠯ᠎ᠠ ᠪᠠᠷ ᠤᠯᠠᠨ ᠠᠴᠠ ᠣᠷᠦ᠋ᠢᠯᠠᠭᠰᠠᠨ ᠢ ᠨᠠᠶᠢᠵᠠ ᠮᠠᠨᠢ ᠬᠤᠶᠢᠨ᠎ᠠ ᠨᠢ ᠰᠠᠶ᠋ᠢ | ᠮᠡᠳᠡᠭᠰᠡᠨ ᠠᠵᠢ᠃ ᠠᠶᠢᠵᠠᠮ ᠲᠦᠷᠭᠡᠰᠦᠭᠰᠡᠨ ᠠᠵᠢᠯ ᠠᠮᠢᠳᠤᠷᠠᠯ ᠤᠨ ᠳᠤᠮᠳᠠ᠂ ᠨᠣᠮ ᠤᠩᠰᠢᠬᠤ ᠨᠢ ᠪᠤᠬᠢᠨᠢᠳᠤᠯ ᠢ | ᠦᠯᠳᠡᠵᠦ ᠳᠠᠷᠤᠭᠠᠰᠤ ᠶᠢ ᠮᠠᠷᠲᠠᠭᠤᠯᠬᠤ ᠨᠢᠭᠡ ᠰᠠᠶᠢᠨ ᠰᠡᠯᠡᠭᠦᠴᠡᠯ ᠪᠤᠯᠳᠠᠬ᠃ ᠥᠭᠦᠯᠡᠯᠭᠡ ᠲᠤᠭᠤᠵᠢ᠂ ᠰᠢᠯᠦᠭ | ᠨᠠᠶᠢᠷᠠᠭᠤᠯᠤᠯ᠂ ᠰᠣᠨᠢᠨ ᠰᠡᠳᠬᠦᠯ ᠤᠳ ᠨᠢ ᠬᠥᠮᠥᠰ ᠲᠤ ᠤᠶᠤᠨ ᠤ ᠰᠢᠮ᠎ᠡ ᠬᠦᠷᠲᠡᠭᠡᠳᠡᠭ᠃ ᠠᠵᠢᠯᠯᠠᠵᠤ ᠠᠮᠠᠷᠠᠬᠤ | ᠴᠠᠭ ᠠᠴᠠ ᠭᠠᠳᠠᠨᠠᠬᠢ ᠬᠡᠮᠵᠢᠶ᠎ᠡ ᠲᠠᠢ ᠴᠠᠭ ᠢᠶᠠᠨ ᠵᠠᠶᠢᠴᠢᠯᠠᠵᠤ ᠳᠤᠷᠠᠲᠠᠢ ᠨᠣᠮ ᠢᠶᠠᠨ ᠤᠩᠰᠢᠵᠤ ᠰᠠᠭᠤᠬᠤ ᠨᠢ | ᠨᠣᠮ ᠤᠨ ᠪᠠᠭ᠋ᠠᠲᠠᠳ ᠲᠤ ᠠᠪᠴᠤ ᠬᠡᠯᠡᠪᠡᠯ ᠨᠢᠭᠡ ᠶᠣᠰᠣᠨ ᠤ ᠵᠢᠷᠭᠠᠯ ᠪᠠᠶᠢᠵᠤ ᠲᠠᠭᠠᠷᠠᠨ᠎ᠠ᠃ | ᠨᠣᠮ ᠤᠩᠰᠢᠬᠤ ᠪᠣᠯ ᠨᠢᠭᠡ ᠵᠦᠢᠯ ᠤᠨ ᠠᠮᠢᠳᠤᠷᠠᠬᠤᠢ ᠶᠢᠨ ᠭᠡᠯᠪᠡᠷᠢ᠂ ᠮᠥᠨ ᠴᠦ ᠨᠢᠭᠡ ᠵᠦᠢᠯ ᠤᠨ | ᠤᠶᠤᠨ ᠤ ᠬᠥᠭᠡᠭᠡᠴᠡᠯᠳᠦᠯ ᠶᠤᠮ᠃ ᠴᠠᠭ ᠦᠶ᠎ᠡ ᠤᠷᠤᠭᠰᠢᠯᠠᠵᠤ ᠨᠡᠶᠢᠭᠡᠮ ᠬᠥᠭᠵᠢᠬᠦ ᠲᠤᠳᠤᠮ ᠬᠥᠮᠥᠰ ᠤᠶᠤᠨ | ᠰᠣᠶᠣᠯ ᠤᠨ ᠠᠮᠢᠳᠤᠷᠠᠯ ᠤᠨ ᠲᠠᠯ᠎ᠠ ᠪᠠᠷ ᠨᠡᠩ ᠶᠡᠭᠡ ᠬᠦᠰᠡᠯ ᠬᠦᠯᠢᠶᠡᠯᠲᠡ ᠲᠠᠢ ᠪᠣᠯᠵᠤ᠂ ᠨᠣᠮ ᠤᠩᠰᠢᠬᠤ | ᠲᠠᠯ᠎ᠠ ᠪᠠᠷ ᠨᠡᠩ ᠶᠡᠭᠡ ᠬᠡᠷᠡᠭᠴᠡᠭᠡ ᠱᠠᠭᠠᠷᠳᠠᠯᠭ᠎ᠠ ᠲᠠᠢ ᠪᠤᠯᠬᠤ ᠨᠢ ᠳᠠᠮᠵᠢᠭ ᠦᠭᠡᠢ᠃ ᠨᠠᠮ ᠤᠨ ᠬᠤᠷᠢᠳᠤᠭᠠᠷ ᠶᠡᠭᠡ | ᠬᠤᠷᠠᠯ ᠤᠨ ᠢᠯᠡᠳᠬᠡᠯ ᠳᠤ᠂ ᠪᠦᠭᠦ ᠠᠷᠠᠳ ᠢᠶᠠᠷ ᠢᠶᠠᠨ ᠨᠣᠮ ᠤᠩᠰᠢᠬᠤ ᠠᠵᠢᠯᠯᠠᠭ᠎ᠠ ᠶᠢ ᠭᠦᠨᠵᠡᠭᠡᠶᠢᠷᠡᠭᠦᠯᠦᠨ᠎ᠡ ᠭᠡᠵᠦ | ᠲᠣᠳᠣᠷᠬᠠᠢ ᠳᠤᠷᠠᠳᠴᠠᠢ᠃ ᠬᠥᠮᠥᠨ ᠪᠦᠭᠦᠨ ᠨᠣᠮ ᠤᠩᠰᠢᠬᠤ ᠳᠠᠳᠬᠠᠯ ᠲᠠᠢ ᠪᠣᠯᠵᠤ᠂ ᠨᠣᠮ ᠪᠢᠴᠢᠭ ᠲᠠᠢ | ᠬᠠᠨᠢᠰᠬᠤ ᠳᠤ ᠭᠦᠷᠪᠡᠯ᠂ ᠰᠢᠨ᠎ᠡ ᠠᠶᠠᠨ ᠳᠤ ᠡᠷᠡᠮᠡᠬᠡᠶᠢᠯᠡᠨ ᠤᠷᠤᠭᠰᠢᠯᠠᠵᠤ ᠰᠢᠨ᠎ᠡ ᠴᠠᠭ ᠦᠶ᠎ᠡ ᠳᠤ ᠭᠠᠪᠢᠶ᠎ᠠ | ᠵᠢᠳᠬᠦᠯ ᠦᠵᠡᠭᠦᠯᠭᠦ ᠳᠤ ᠪᠢᠳᠡ ᠬᠦᠴᠦᠷᠬᠡᠭ ᠶᠡᠭᠡ ᠬᠦᠴᠦᠨ ᠴᠢᠳᠠᠯ ᠨᠡᠮᠡᠷᠢᠯᠡᠵᠦ ᠴᠢᠳᠠᠬᠤ ᠨᠢ ᠯᠠᠪᠲᠠᠢ᠃ | | | ᠪᠡᠯᠡᠳᠭᠡᠭᠰᠡᠨ ᠨᠢ᠄ ᠬᠠᠨ ᠰᠢᠶᠤᠤ ᠿᠦᠩ | ᠬᠢᠨᠠᠬᠴᠢ᠄ ᠼᠦᠢ ᠶᠢᠩ | ᠢᠷᠡᠯᠲᠡ᠄ ᠲᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ | |