| 8 ᠰᠠᠷ᠎ᠠ ᠶᠢᠨ 21 ᠤ ᠡᠳᠦᠷ᠂ ᠹᠧᠩᠵᠧᠨ ᠬᠤᠳᠠ ᠶᠢᠨ ᠡᠮᠨᠡᠯᠭᠡ ᠶᠢᠨ ᠬᠤᠷᠢᠶ᠎ᠠ ᠶᠢᠨ ᠬᠢᠨ ᠤᠯᠠᠭᠠᠨᠴᠠᠪ ᠬᠤᠳᠠ ᠶᠢᠨ | ᠭᠤᠣᠯ ᠡᠮᠨᠡᠯᠭᠡ ᠶᠢᠨ ᠬᠤᠷᠢᠶ᠎ᠠ ᠲᠠᠢ ᠬᠠᠮᠲᠤᠷᠠᠨ ᠯᠦᠩ ᠱᠧᠩ ᠵᠤᠸᠠᠩ ᠭᠤᠣᠯ ᠡᠷᠡᠭᠦᠯ ᠬᠠᠮᠠᠭᠠᠯᠠᠯ ᠤᠨ ᠬᠤᠷᠢᠶ᠎ᠠ ᠳᠤ | ᠲᠠᠷᠢᠬᠢᠨ ᠤ ᠰᠠ ᠡᠪᠡᠳᠴᠢᠨ ᠤ ᠠᠯᠪᠠᠨ ᠵᠢᠷᠤᠮ ᠤᠨ ᠡᠮᠴᠢᠯᠡᠭᠡᠨ ᠤ ᠠᠵᠢᠯᠯᠠᠭ᠎ᠠ ᠥᠷᠨᠢᠭᠦᠯᠪᠡ᠃ | | ᠠᠵᠢᠯᠯᠠᠭ᠎ᠠ ᠶᠢᠨ ᠲᠤᠬᠠᠢ ᠶᠢᠨ ᠲᠠᠯᠠᠪᠠᠢ ᠳᠤ᠂ ᠠᠰᠠᠭᠤᠨ ᠯᠠᠪᠯᠠᠬᠤ ᠪᠠᠷ ᠢᠷᠡᠭᠰᠡᠨ ᠤᠯᠠᠨ ᠲᠦᠮᠡᠨ ᠲᠠᠰᠤᠷᠠᠯᠳᠡ ᠦᠭᠡᠢ | ᠴᠤᠪᠤᠷᠠᠯᠳᠤᠵᠤ ᠪᠠᠶᠢᠯ᠎ᠠ᠃ ᠡᠮᠨᠡᠯᠭᠡ ᠶᠢᠨ ᠠᠵᠢᠯᠲᠠᠳ ᠣᠯᠠᠨ ᠳᠤ ᠣᠨᠣᠰᠢᠯᠠᠭᠤᠯᠤᠨ ᠡᠮᠨᠡᠨ ᠵᠠᠰᠠᠵᠤ᠂ ᠰᠦᠢᠳᠬᠡᠯ | ᠬᠤᠷᠢᠶᠠᠬᠤ ᠦᠭᠡᠢ ᠪᠠᠷ ᠴᠢᠰᠤᠨ ᠳᠠᠷᠤᠯᠲᠠ᠂ ᠴᠢᠰᠤᠨ ᠰᠢᠬᠢᠷ ᠢ ᠬᠡᠮᠵᠢᠬᠦ ᠵᠡᠷᠭᠡ ᠡᠮᠴᠢᠯᠡᠭᠡᠨ ᠤ ᠦᠢᠯᠡᠴᠢᠯᠡᠭᠡ ᠬᠠᠩᠭᠠᠪᠠ᠃ | | | | | | ᠠᠵᠢᠯᠯᠠᠭ᠎ᠠ ᠶᠢᠨ ᠲᠤᠬᠠᠢ ᠶᠢᠨ ᠲᠠᠯᠠᠪᠠᠢ ᠳᠤ ᠪᠠᠰᠠ ᠥᠷᠭᠡᠨ ᠤᠯᠠᠨ ᠲᠦᠮᠡᠨ ᠳᠤ ᠲᠠᠷᠢᠬᠢᠨ ᠤ ᠴᠢᠰᠤᠨ ᠰᠤᠳᠠᠯ ᠤᠨ | ᠬᠠᠮᠢᠶ᠎ᠠ ᠪᠦᠬᠦᠢ ᠡᠮ ᠤᠨ ᠵᠦᠢᠯ ᠢ ᠰᠦᠢᠳᠬᠡᠯ ᠬᠤᠷᠢᠶᠠᠬᠤ ᠦᠭᠡᠢ ᠪᠠᠷ ᠲᠠᠷᠬᠠᠭᠠᠵᠤ᠂ ᠡᠳᠦᠷ ᠲᠤᠳᠤᠮ ᠤᠨᠲ᠋ᠠᠷᠢᠬᠢᠨ ᠤ ᠰᠠ | ᠡᠪᠡᠳᠴᠢᠨ ᠢ ᠤᠷᠢᠳᠴᠢᠯᠠᠨ ᠰᠡᠷᠭᠡᠶᠢᠯᠡᠬᠦ ᠪᠠ ᠴᠠᠭ ᠲᠤᠬᠠᠢ ᠳᠤᠨᠢ ᠢᠯᠡᠷᠡᠭᠦᠯᠬᠦ ᠵᠡᠷᠭᠡ ᠮᠡᠳᠡᠯᠭᠡ ᠶᠢᠨ ᠲᠤᠬᠠᠢ ᠲᠠᠶᠢᠯᠪᠤᠷᠢᠯᠠᠨ | ᠵᠢᠯᠤᠭᠤᠳᠬᠤ ᠶᠢᠨ ᠬᠠᠮᠲᠤ ᠣᠯᠠᠨ ᠤ ᠳᠤᠷᠠᠳᠤᠭᠰᠠᠨ ᠡᠯ᠎ᠡ ᠲᠥᠷᠥᠯ ᠤᠨ ᠡᠷᠡᠭᠦᠯ ᠮᠡᠨᠳᠦ ᠶᠢᠨ ᠠᠰᠠᠭᠤᠳᠠᠯ ᠳᠤ | ᠬᠦᠯᠢᠴᠡᠩᠭᠦᠢ ᠪᠠᠷ ᠨᠠᠷᠢᠨ ᠨᠢᠮᠪᠠᠢ ᠬᠠᠷᠢᠭᠤᠯᠲᠠ ᠥᠭᠴᠦ᠂ ᠥᠷᠭᠡᠨ ᠣᠯᠠᠨ ᠲᠦᠮᠡᠨ ᠢ ᠵᠢᠯᠣᠭᠤᠳᠤᠨ ᠠᠮᠢᠳᠤᠷᠠᠯ ᠤᠨ | ᠳᠤᠮᠳᠠ ᠵᠦᠢ ᠵᠣᠬᠢᠰᠲᠠᠢ ᠬᠤᠭᠤᠯᠠ ᠤᠮᠳᠠ ᠪᠠᠨ ᠲᠤᠬᠢᠷᠠᠭᠤᠯᠤᠨ ᠂ ᠵᠢᠮ᠎ᠡ ᠶᠣᠰᠣ ᠲᠠᠢ ᠠᠮᠢᠳᠤᠷᠠᠯ ᠢ ᠠᠩᠬᠠᠷᠴᠤ᠂ | ᠰᠢᠨᠵᠢᠯᠡᠬᠦ ᠤᠬᠠᠭᠠᠨᠴᠢ ᠪᠠᠷ ᠪᠡᠶ᠎ᠡ ᠮᠠᠬᠠᠪᠤᠳ ᠢᠶᠠᠨ ᠪᠣᠯᠪᠠᠰᠤᠷᠠᠭᠤᠯᠬᠤ ᠶᠢ ᠵᠣᠬᠢᠰᠲᠠᠢ ᠴᠢᠩᠭᠠᠳᠬᠠᠵᠤ᠂ ᠡᠯ᠎ᠡ ᠲᠥᠷᠥᠯ ᠤᠨ | ᠡᠪᠡᠳᠴᠢᠨ ᠡᠮᠭᠡᠭ ᠢ ᠢᠳᠡᠪᠬᠢᠲᠡᠢ ᠪᠠᠷ ᠰᠡᠷᠭᠡᠶᠢᠯᠡᠬᠦ ᠶᠢ ᠰᠠᠨᠠᠭᠤᠯᠪᠠ᠃ | | ᠲᠣᠰ ᠤᠳᠠᠭᠠᠨ ᠤ ᠠᠯᠪᠠᠨ ᠵᠢᠷᠤᠮ ᠤᠨ ᠡᠮᠴᠢᠯᠡᠭᠡᠨ ᠤ ᠠᠵᠢᠯᠯᠠᠭ᠎ᠠ ᠨᠢ ᠣᠯᠠᠨ ᠲᠦᠮᠡᠨ ᠳᠤ ᠨᠢᠭᠤᠷᠳᠠᠬᠤ᠂ ᠵᠠᠢ | ᠦᠭᠡᠢ ᠡᠮᠴᠢᠯᠡᠭᠡᠨ ᠤ ᠦᠢᠯᠡᠴᠢᠯᠡᠭᠡ ᠬᠠᠩᠭᠠᠵᠤ᠂ ᠣᠯᠠᠨ ᠲᠦᠮᠡᠨ ᠳᠤ ᠲᠠᠷᠢᠬᠢᠨ ᠤ ᠰᠠ ᠡᠪᠡᠳᠴᠢᠨ ᠢ ᠡᠷᠲᠡ ᠢᠯᠭᠠᠨ | ᠲᠠᠨᠢᠬᠤ᠂ ᠡᠷᠲᠡ ᠠᠪᠤᠷᠠᠨ ᠵᠠᠰᠠᠬᠤ ᠦᠨᠳᠦᠰᠦᠨ ᠮᠡᠳᠡᠯᠭᠡ ᠶᠢᠨ ᠰᠢᠨᠵᠢᠯᠡᠬᠦ ᠤᠬᠠᠭᠠᠨ ᠢ ᠨᠠᠩ ᠰᠠᠶᠢᠲᠤᠷ ᠲᠦᠭᠡᠮᠡᠯᠵᠢᠭᠦᠯᠦᠨ | ᠤᠬᠠᠭᠤᠯᠵᠤ᠂ ᠥᠷᠭᠡᠨ ᠣᠯᠠᠨ ᠲᠦᠮᠡᠨ ᠤ ᠲᠠᠷᠢᠬᠢᠨ ᠤ ᠰᠠ ᠡᠪᠡᠳᠴᠢᠨ ᠤ ᠬᠠᠮᠢᠶ᠎ᠠ ᠪᠦᠬᠦᠢ ᠠᠶᠤᠯᠲᠠᠢ ᠬᠦᠴᠦᠨ ᠵᠦᠢᠯ ᠢ | ᠰᠡᠷᠭᠡᠶᠢᠯᠡᠨ ᠡᠵᠡᠮᠳᠡᠬᠦ ᠤᠬᠠᠮᠰᠠᠷ ᠢ ᠤᠯᠠᠮ ᠨᠢᠭᠡ ᠠᠯᠬᠤᠮ ᠳᠡᠭᠡᠭᠰᠢᠯᠡᠭᠦᠯᠵᠦ᠂ ᠦᠨᠳᠦᠰᠦᠨ ᠱᠠᠲᠤᠨ ᠤ ᠣᠯᠠᠨ | ᠲᠦᠮᠡᠨ ᠳᠤ ᠲᠡᠷᠢᠭᠦᠨ ᠵᠡᠷᠭᠡ ᠶᠢᠨ ᠡᠮᠴᠢᠯᠡᠭᠡᠨ ᠤ ᠦᠢᠯᠡᠴᠢᠯᠡᠭᠡᠨ ᠤ ᠪᠠᠲᠤᠯᠠᠭ᠎ᠠ ᠶᠢ ᠬᠦᠷᠲᠡᠭᠡᠪᠡ᠃ | | | | ᠵᠣᠬᠢᠶᠠᠭᠴᠢ᠄ ᠵᠠᠩ ᠿᠢ ᠵᠢᠤᠸᠠᠨ ᠬᠤᠤ ᠲᠢᠶᠠᠨ | ᠨᠠᠶᠢᠷᠠᠭᠤᠯᠤᠭᠴᠢ᠄ ᠵᠢᠶᠠ ᠷᠠᠨ ᠲᠦᠩ | ᠤᠷᠴᠢᠭᠤᠯᠤᠭᠴᠢ᠄ ᠬᠠᠨ ᠰᠢᠶᠤᠤ ᠿᠦᠩ | ᠬᠢᠨᠠᠭᠴᠢ᠄ ᠼᠦᠢ ᠶᠢᠩ |