| | ᠮᠠᠰᠢ ᠣᠯᠠᠨ ᠬᠥᠮᠦᠨ ᠰᠢᠷᠠᠬᠳᠠᠬᠤ ᠠᠴᠠ ᠬᠠᠮᠤᠭ ᠠᠴᠠ ᠢᠯᠡᠬᠦᠦ ᠬᠢᠴᠢᠶᠡᠬᠦ ᠴᠢᠬᠤᠯᠠᠳᠠᠢ ᠭᠠᠵᠠᠷ᠂ | ᠲᠤᠬᠠᠶᠢᠯᠠᠪᠠᠯ ᠨᠢᠳᠦ ᠪᠠᠨ ᠬᠠᠮᠠᠭᠠᠯᠠᠬᠤ ᠶᠢ ᠮᠠᠷᠳᠠᠴᠢᠬᠰᠠᠨ ᠪᠠᠶᠢᠳᠠᠭ᠃ ᠬᠡᠷᠪᠡ ᠨᠢᠳᠦ ᠴᠢᠨᠢ ᠤᠷᠲᠤ | ᠬᠤᠭᠤᠴᠠᠭ᠎ᠠ ᠪᠠᠷ ᠬᠦᠷᠢᠨ ᠤ ᠭᠠᠳᠠᠨᠠᠬᠢ ᠲᠤᠶᠠᠭ᠎ᠠ ᠶᠢ ᠬᠦᠯᠢᠶᠡᠨ ᠠᠪᠤᠪᠠᠯ᠂ ᠨᠢᠳᠦᠨ ᠤ ᠴᠢᠨᠢ ᠡᠯ᠎ᠡ ᠨᠡᠬᠡᠳᠡᠰᠦ ᠪᠦᠷ | ᠠᠳᠠᠯᠢ ᠪᠤᠰᠤ ᠬᠡᠮᠵᠢᠶ᠎ᠡ ᠪᠠᠷ ᠭᠡᠮᠲᠦᠳᠡᠭ᠃ ᠬᠦᠷᠢᠨ ᠤ ᠭᠠᠳᠠᠨᠠᠬᠢ ᠲᠤᠶᠠᠭ᠎ᠠ ᠶᠢᠨ ᠨᠢᠳᠦ ᠶᠢ ᠭᠡᠮᠲᠦᠭᠡᠬᠦ ᠶᠠᠪᠤᠳᠠᠯ | ᠡᠭᠦᠨ ᠢᠶᠠᠷ ᠵᠣᠭᠰᠣᠬᠤ ᠦᠭᠡᠢ᠂ ᠴᠢᠨᠠᠭᠰᠢᠯᠠᠨ ᠪᠢᠳᠡᠨ ᠳᠤ 90 % ᠠᠴᠠ ᠳᠡᠭᠡᠭᠰᠢᠬᠢ ᠬᠠᠷᠠᠭᠠᠨ ᠰᠡᠷᠡᠯ ᠤᠨ | ᠰᠤᠷᠠᠭ ᠵᠠᠩᠭᠢ ᠬᠠᠨᠭ᠍ᠭᠠᠳᠠᠭ ᠰᠢᠷ᠎ᠠ ᠲᠣᠯᠪᠤ ᠶᠢ ᠴᠤ ᠨᠥᠯᠥᠭᠡᠯᠡᠳᠡᠭ ᠪᠠᠶᠢᠨ᠎ᠠ᠃ ᠰᠢᠷ᠎ᠠ ᠲᠣᠯᠪᠤ ᠨᠢ ᠨᠢᠳᠦᠨ ᠤ | ᠲᠣᠣᠷᠯᠢᠭ ᠪᠦᠷᠬᠦᠪᠴᠢ ᠶᠢᠨ ᠲᠥᠪ ᠳᠤ ᠣᠷᠣᠰᠢᠵᠤ ᠪᠠᠶᠢᠳᠠᠭ ᠪᠤᠯᠬᠤᠷ ᠬᠡᠷᠪᠡ ᠬᠦᠷᠢᠨ ᠤ ᠭᠠᠳᠠᠨᠠᠬᠢ ᠲᠤᠶᠠᠭ᠎ᠠ ᠨᠢ | ᠰᠢᠷ᠎ᠠ ᠲᠣᠯᠪᠤ ᠶᠢᠨ ᠣᠷᠣᠨ ᠪᠦᠰᠡ ᠶᠢᠨ ᠭᠡᠷᠡᠯ ᠮᠡᠳᠡᠷᠡᠬᠦ ᠡᠰ ᠪᠣᠯᠤᠨ ᠪᠤᠳᠤᠭᠲᠤ ᠡᠳ᠋ ᠤᠨ ᠳᠡᠭᠡᠳᠦ ᠬᠥᠷᠥᠰᠥᠨ | ᠡᠰ ᠢ ᠭᠡᠮᠲᠦᠭᠡᠬᠦ ᠳᠤ ᠬᠦᠷᠪᠡᠯ᠂ ᠰᠢᠷ᠎ᠠ ᠲᠣᠯᠪᠤ ᠶᠢᠨ ᠴᠢᠨᠠᠷ ᠬᠤᠪᠢᠷᠠᠬᠤ ᠲᠦᠭᠰᠢᠭᠦᠷᠢ ᠳᠠᠷᠤᠶ ᠶᠡᠭᠡ ᠪᠠᠷ ᠳᠡᠭᠡᠭᠰᠢᠯᠡᠬᠦ | ᠪᠤᠯᠤᠨ᠎ᠠ᠃ | ᠪᠣᠢ ᠪᠦᠬᠦᠢ ᠨᠡᠷᠡᠨ ᠰᠢᠯ ᠪᠦᠷ ᠰᠢᠷᠠᠭᠳᠠᠬᠤ ᠶᠢ ᠰᠡᠷᠭᠡᠶᠢᠯᠡᠬᠦ ᠴᠢᠳᠠᠮᠵᠢ ᠲᠠᠢ ᠶᠤᠮ᠃ ᠲᠣᠬᠢᠷᠠᠮᠵᠢᠲᠠᠶ ᠨᠡᠷᠡᠨ | ᠰᠢᠯ ᠬᠤᠳᠠᠯᠳᠤᠨ ᠠᠪᠬᠤ ᠭᠡᠪᠡᠯ ᠬᠠᠮᠤᠭ ᠰᠠᠶᠢᠨ ᠨᠢ ᠲᠣᠳᠣᠷᠬᠠᠶᠢᠯᠠᠯᠲᠠ ᠶᠢᠨ ᠪᠢᠴᠢᠭ ᠢ ᠨᠢ ᠨᠠᠷᠢᠪᠴᠢᠯᠠᠨ ᠦᠵᠡᠵᠦ᠂ | UV400 ᠪᠤᠶᠤ UV100 % ᠭᠡᠵᠦ ᠲᠣᠳᠣᠷᠬᠠᠶᠢᠯᠠᠭᠰᠠᠨ ᠡᠰᠡᠬᠦ ᠶᠢ ᠦᠵᠡᠬᠦ ᠬᠡᠷᠡᠭᠲᠡᠶ᠂ ᠡᠶᠢᠮᠦ ᠨᠡᠷᠡᠨ | ᠰᠢᠯ ᠤᠨ ᠵᠠᠷᠢᠮ ᠨᠢ ᠣᠨᠴᠠᠭᠠᠶ ᠲᠡᠮᠦᠷᠯᠢᠭ ᠪᠣᠳᠠᠰ ᠨᠡᠮᠡᠬᠦ ᠪᠠᠷ ᠲᠡᠮᠵᠢᠠ ᠬᠦᠷᠢᠨ ᠤ ᠭᠠᠳᠠᠨᠠᠬᠢ ᠲᠤᠶᠠᠭ᠎ᠠ ᠶᠢ | ᠰᠢᠩᠭᠡᠭᠡᠨ ᠠᠪᠴᠤ᠂ ᠵᠠᠷᠢᠮ ᠨᠢ ᠨᠢᠮᠭᠡᠨ ᠬᠠᠯᠢᠰᠦ ᠥᠩᠭᠡᠯᠡᠭᠰᠡᠨ ᠠᠴᠠ ᠪᠤᠯᠵᠤ ᠬᠦᠷᠢᠨ ᠤ ᠭᠠᠳᠠᠨᠠᠬᠢ ᠲᠤᠶᠠᠭ᠎ᠠ ᠳᠤ | ᠤᠶᠢᠯᠳᠠ ᠡᠭᠦᠰᠭᠡᠳᠡᠭ᠃ | ᠥᠩᠭᠡ ᠶᠢᠨ ᠰᠣᠩᠭᠤᠯᠲᠠ ᠶᠢᠨ ᠲᠠᠯ᠎ᠠ ᠪᠠᠷ᠂ ᠡᠩ ᠲᠡᠷᠢᠬᠦᠨ ᠳᠤ ᠦᠨᠡᠰᠦᠨ ᠥᠩᠭᠡ᠂ ᠴᠠᠢ ᠶᠢᠨ ᠥᠩᠭᠡ᠂ | ᠨᠣᠭᠤᠭᠠᠨ ᠦᠨᠡᠰᠦᠨ ᠥᠩᠭᠡ ᠵᠡᠷᠭᠡ ᠭᠤᠷᠪᠠᠨ ᠵᠦᠢᠯ ᠢ ᠰᠤᠩᠭᠤᠪᠡᠯ ᠵᠤᠬᠢᠨ᠎ᠠ᠃ CAT2 ᠳᠦᠷᠤᠯ ᠪᠠ | CAT3 ᠳᠦᠷᠤᠯ ᠭᠡᠬᠦ ᠡᠨᠡ ᠬᠤᠶᠠᠷ ᠳᠦᠷᠤᠯ ᠤᠨ ᠨᠡᠷᠡᠨ ᠰᠢᠯ ᠣᠳᠣᠬᠠᠨ ᠤ ᠵᠠᠬ᠎ᠠ ᠳᠡᠯᠭᠡᠭᠦᠷ ᠲᠤ ᠬᠠᠮᠤᠭ | ᠤᠯᠠᠨ ᠪᠠᠶᠢᠨ᠎ᠠ᠂ ᠡᠭᠦᠨ ᠢ ᠰᠠᠨᠠᠭ᠎ᠠ ᠠᠮᠠᠷ ᠰᠣᠩᠭᠤᠵᠤ ᠪᠣᠯᠤᠨ᠎ᠠ᠂ ᠲᠡᠭᠦᠨ ᠤ ᠨᠡᠪᠲᠡᠷᠠᠯᠳᠠ ᠶᠢᠨ ᠬᠠᠷᠢᠴᠠᠯ ᠨᠢ | 8% ᠠᠴᠠ 43% ᠶᠢᠨ ᠬᠤᠭᠤᠷᠣᠨᠳᠣ ᠪᠠᠶᠢᠵᠤ᠂ ᠣᠯᠠᠩᠬᠢ ᠪᠠᠶᠢᠳᠠᠯ ᠳᠤ ᠳᠤᠬᠢᠷᠠᠨ᠎ᠠ᠃ | ᠪᠠᠭ᠎ᠠ ᠬᠡᠦᠬᠡᠳ ᠪᠠᠰᠠ ᠨᠡᠷᠡᠨ ᠰᠢᠯ ᠵᠡᠭᠦᠬᠦ ᠬᠡᠷᠡᠭᠲᠡᠶ᠃ ᠰᠠᠨᠠᠭᠤᠯᠬᠤ ᠨᠢ᠂ 6 ᠰᠠᠷ᠎ᠠ ᠠᠴᠠ ᠳᠡᠭᠡᠭᠰᠢᠬᠢ | ᠬᠡᠦᠬᠡᠳ ᠲᠤ 99 % ᠠᠴᠠ 100 % ᠶᠢᠨ ᠨᠡᠷᠡᠨ ᠤ ᠰᠢᠯ ᠵᠡᠭᠦᠯᠭᠡᠪᠡᠯ ᠬᠠᠮᠤᠭ ᠤᠨ ᠰᠠᠶᠢᠨ᠃ ᠦᠭᠡᠷ᠎ᠡ ᠪᠠᠷ | ᠬᠡᠯᠡᠪᠡᠯ ᠮᠠᠨ ᠤ ᠳᠡᠭᠡᠷ᠎ᠡ ᠳᠤᠷᠠᠳᠤᠭᠰᠠᠨ UV400 ᠪᠤᠶᠤ UV100 % ᠭᠡᠵᠦ ᠲᠣᠳᠣᠷᠬᠠᠶᠢᠯᠠᠭᠰᠠᠨ ᠨᠡᠷᠡᠨ | ᠰᠢᠯ ᠪᠣᠯᠤᠨ᠎ᠠ᠃ | | | | ᠪᠡᠯᠡᠳᠭᠡᠭᠡᠰᠡᠨ ᠨᠢ᠄ ᠬᠠᠨ ᠰᠢᠶᠤᠤ ᠿᠦᠩ | ᠬᠢᠨᠠᠬᠴᠢ᠄ ᠼᠦᠢ ᠶᠢᠩ | ᠢᠷᠡᠯᠲᠡ᠄ ᠠᠷᠠᠳ ᠤᠨ ᠮᠣᠩᠭᠤᠯ ᠰᠦᠯᠵᠢᠶ᠎ᠡ |