| 1. ᠲᠠᠩ ᠭᠠᠭᠴᠠ ᠭᠠᠭ᠋ᠠᠢ ᠶᠢᠨ ᠪᠠᠭᠠᠰᠤᠨ ᠤ ᠥᠩᠭᠡ᠂ ᠬᠠᠲᠠᠭᠤ ᠵᠥᠭᠡᠯᠡᠨ ᠢᠶᠠᠷ ᠪᠣᠷᠳᠤᠭ᠎ᠠ ᠶᠢᠨ ︽ᠰᠠᠶᠢᠨ | ᠮᠠᠭᠤ︾ ᠶᠢ ᠮᠠᠭᠠᠳᠯᠠᠬᠤ᠃ ᠭᠠᠭ᠋ᠠᠢ ᠶᠢᠨ ᠪᠠᠭᠠᠰᠤᠨ ᠤ ᠥᠩᠭᠡ ᠨᠢ ᠨᠡᠯᠢᠶᠡᠳ ᠭᠦᠨ ᠪᠠᠶᠢᠳᠠᠭ ᠨᠢ ᠭᠠᠭ᠋ᠠᠢ ᠶᠢᠨ | ᠰᠢᠩᠭᠡᠭᠡᠯᠲᠡ ᠰᠠᠶᠢᠨ ᠭᠡᠰᠡᠨ ᠦᠭᠡ ᠪᠢᠰᠢ᠂ ᠨᠢᠭᠡ ᠵᠦᠢᠯ ᠤᠨ ᠵᠡᠰ ᠤᠨ ᠠᠭᠤᠯᠤᠭᠳᠠᠴᠠ ᠪᠠᠷ ᠨᠡᠯᠢᠶᠡᠳ ᠥᠨᠳᠥᠷ | ᠪᠣᠷᠳᠤᠭ᠎ᠠ ᠠᠴᠠ ᠪᠣᠯᠤᠭᠰᠠᠨ ᠭᠠᠭ᠋ᠠᠢ ᠶᠢᠨ ᠪᠠᠭᠠᠰᠤᠨ ᠤ ᠥᠩᠭᠡ ᠨᠢ ᠶᠡᠷᠦ ᠳᠡᠭᠡᠨ ᠨᠡᠯᠢᠶᠡᠳ ᠬᠠᠷ᠎ᠠ ᠪᠠᠶᠢᠳᠠᠭ᠃ | ᠲᠡᠵᠢᠭᠡᠯ ᠪᠣᠷᠳᠣᠭᠠᠨ ᠳᠤ ᠡᠷᠡᠭᠦᠯ ᠮᠡᠨᠳᠦ ᠶᠢ ᠬᠠᠮᠠᠭᠠᠯᠠᠬᠤ ᠡᠮ ᠡᠯᠪᠡᠭ ᠠᠭᠤᠯᠤᠭᠳᠠᠬᠤ ᠦᠶ᠎ᠡ ᠳᠤ᠂ ᠭᠠᠭ᠋ᠠᠢ ᠶᠢᠨ | ᠪᠠᠭᠠᠰᠤᠨ ᠤ ᠥᠩᠭᠡ ᠨᠢ ᠵᠠᠷᠢᠮ ᠳᠠᠭᠠᠨ ᠭᠦᠢᠬᠡᠨ ᠪᠠᠶᠢᠳᠠᠭ᠃ ᠭᠠᠭ᠋ᠠᠢ ᠶᠢᠨ ᠰᠢᠩᠭᠡᠭᠡᠯᠲᠡ ᠶᠢᠨ ᠪᠠᠶᠢᠳᠠᠯ᠂ ᠬᠤᠯᠢᠮᠠᠭ | ᠡᠳ᠋ ᠵᠢᠴᠢ ᠪᠤᠰᠤᠳ ᠲᠡᠵᠢᠭᠡᠯ ᠪᠣᠷᠳᠣᠭᠠᠨ ᠤ ᠲᠦᠭᠦᠬᠡᠢ ᠡᠳ᠋ ᠤᠨ ᠲᠥᠷᠥᠯ ᠵᠦᠢᠯ ᠵᠢᠴᠢ ᠲᠣᠬᠢᠷᠠᠭᠤᠯᠤᠯᠲᠠ | ᠵᠡᠷᠭᠡ ᠨᠢ ᠴᠥᠮ ᠭᠠᠭ᠋ᠠᠢ ᠶᠢᠨ ᠪᠠᠭᠠᠰᠤᠨ ᠤ ᠥᠩᠭᠡ ᠪᠠ ᠬᠠᠲᠠᠭᠤ ᠵᠥᠭᠡᠯᠡᠨ ᠢ ᠨᠥᠯᠥᠭᠡᠯᠡᠳᠡᠭ᠃ ᠡᠩ ᠤᠨ | ᠪᠠᠶᠢᠳᠠᠯ ᠳᠤ ᠪᠠᠭᠠᠰᠤ ᠰᠢᠭᠡᠰᠦ ᠨᠢ ᠬᠠᠭᠤᠷᠠᠢ ᠴᠤ ᠦᠭᠡᠢ᠂ ᠰᠢᠩᠭᠡᠨ ᠴᠦ ᠦᠭᠡᠢ᠂ ᠦᠮᠡᠬᠡᠢ ᠦᠨᠦᠷ ᠦᠭᠡᠢ ︵ | ᠭᠡᠪᠡᠴᠦ ᠵᠠᠷᠢᠮ ᠳᠠᠭᠠᠨ ᠰᠢᠪᠲᠦᠷ ᠤᠨ ᠦᠨᠦᠷ ᠲᠠᠢ︶᠂ ᠤᠨᠳᠤᠤ ᠪᠣᠳᠠᠰ ᠦᠭᠡᠢ ᠪᠠᠶᠢᠪᠠᠯ ᠵᠣᠬᠢᠨ᠎ᠠ᠃ | 2. ᠡᠩ ᠤᠨ ᠴᠢᠨᠠᠷᠲᠠᠢ ᠡᠪᠡᠳᠴᠢᠨ ᠡᠮᠭᠡᠭ ᠡᠭᠦᠰᠬᠦ ᠦᠶ᠎ᠡ ᠳᠤ᠂ ᠲᠡᠵᠢᠭᠡᠯ ᠪᠣᠷᠳᠤᠭ᠎ᠠ ᠠᠴᠠ ᠪᠣᠯᠤᠭᠰᠠᠨ ᠭᠡᠵᠦ | ᠠᠳᠡᠭᠦᠷᠡᠬᠦ᠃ ᠭᠠᠭ᠋ᠠᠢ ᠲᠡᠵᠢᠭᠡᠬᠦ ᠶᠠᠪᠤᠴᠠ ᠳᠠᠭᠠᠨ ᠣᠷᠴᠢᠨ ᠲᠣᠭᠤᠷᠢᠨ᠂ ᠭᠠᠭ᠋ᠠᠢ ᠶᠢᠨ ᠡᠭᠦᠯᠳᠡᠷ᠂ ᠲᠡᠵᠢᠭᠡᠪᠦᠷᠢ ᠶᠢᠨ | ᠪᠠᠶᠢᠳᠠᠯ ᠵᠡᠷᠭᠡ ᠠᠳᠠᠯᠢ ᠪᠤᠰᠤ ᠰᠢᠯᠲᠠᠭᠠᠨ ᠠᠴᠠ ᠪᠣᠯᠵᠤ ᠠᠳᠠᠯᠢ ᠪᠤᠰᠤ ᠡᠪᠡᠳᠴᠢᠨ ᠡᠮᠭᠡᠭ ᠢ ᠡᠭᠦᠰᠬᠡᠵᠦ᠂ ᠲᠡᠵᠢᠭᠡᠯ | ᠪᠣᠷᠳᠤᠭ᠎ᠠ ᠪᠠᠷ ᠰᠢᠭᠤᠳ ᠡᠪᠡᠳᠴᠢᠨ ᠡᠭᠦᠰᠬᠡᠬᠦ ᠨᠢ ᠲᠣᠩ ᠴᠥᠭᠡᠨ ᠪᠠᠶᠢᠳᠠᠭ᠃ ᠶᠡᠷᠦ ᠳᠡᠭᠡᠨ ᠲᠡᠵᠢᠭᠡᠯ | ᠪᠣᠷᠳᠤᠭ᠎ᠠ ᠠᠴᠠ ᠪᠣᠯᠤᠭᠰᠠᠨ ᠡᠪᠡᠳᠴᠢᠨ ᠵᠢᠴᠢ ᠬᠡᠪ ᠤᠨ ᠪᠤᠰᠤ ᠪᠠᠶᠢᠳᠠᠯ ᠳᠤ ᠬᠤᠣᠷᠳᠠᠭᠳᠠᠬᠤ᠂ ᠢᠳᠡᠭᠡᠨ ᠤ | ᠳᠤᠷᠠᠰᠢᠯ ᠭᠡᠨᠡᠳᠲᠡ ᠬᠤᠪᠢᠷᠠᠬᠤ ᠵᠡᠷᠭᠡ᠃ ᠸᠠᠯᠠᠭᠰᠠᠨ ᠲᠡᠵᠢᠭᠡᠯ ᠪᠣᠷᠳᠤᠭ᠎ᠠ ᠨᠢ ᠵᠠᠷᠢᠮ ᠳᠠᠭᠠᠨ ᠭᠠᠭ᠋ᠠᠢ ᠶᠢ | ᠰᠠᠭᠤᠯᠭᠠᠵᠤ᠂ ᠲᠡᠵᠢᠭᠡᠯ ᠪᠣᠷᠳᠣᠭᠠᠨ ᠤ ᠬᠤᠪᠢᠷᠠᠯᠲᠠ ᠨᠢ ᠵᠠᠷᠢᠮ ᠳᠠᠭᠠᠨ ᠭᠠᠭ᠋ᠠᠢ ᠶᠢᠨ ᠢᠳᠡᠭᠡᠨ ᠤ ᠳᠤᠷᠠᠰᠢᠯ ᠢ | ᠬᠤᠪᠢᠷᠠᠭᠤᠯᠳᠠᠭ᠃ | 3. ᠲᠠᠩ ᠭᠠᠭᠴᠠ ᠲᠡᠵᠢᠭᠡᠯ ᠪᠣᠷᠳᠣᠭᠠᠨ ᠤ ᠠᠩᠬᠢᠯᠤᠮ᠎ᠠ ᠦᠨᠦᠷ ᠠᠴᠠ ᠶᠠᠰᠤ ᠴᠢᠨᠠᠷ ᠤᠨ ᠴᠢᠨᠠᠷ ᠰᠠᠶᠢᠲᠠᠢ ᠶᠢ | ᠮᠠᠭᠠᠳᠯᠠᠬᠤ᠃ ᠡᠩ ᠤᠨ ᠲᠡᠵᠢᠭᠡᠯ ᠪᠣᠷᠳᠤᠭ᠎ᠠ ᠳᠤ ᠭᠠᠭ᠋ᠠᠢ ᠶᠢᠨ ᠢᠳᠡᠭᠡᠨ ᠤ ᠳᠤᠷᠠᠰᠢᠯ ᠢ ᠨᠡᠮᠡᠭᠳᠡᠭᠦᠯᠬᠦ ᠶᠢᠨ | ᠲᠥᠯᠥᠭᠡ ᠵᠣᠬᠢᠬᠤ ᠬᠡᠮᠵᠢᠶᠡᠨ ᠤ ᠠᠩᠬᠢᠯᠤᠮ᠎ᠠ ᠦᠨᠦᠷᠲᠦ ᠡᠳ᠋ ᠨᠡᠮᠡᠳᠡᠭ᠂ ᠭᠡᠪᠡᠴᠦ ᠲᠡᠶᠢᠮᠦ ᠠᠩᠬᠢᠯᠤᠮ᠎ᠠ ᠲᠡᠵᠢᠭᠡᠯ | ᠪᠣᠷᠳᠤᠭ᠎ᠠ ᠶᠢ ᠭᠠᠭ᠋ᠠᠢ ᠶᠢᠨ ᠢᠳᠡᠬᠦ ᠳᠤᠷᠠᠲᠠᠢ ᠵᠦᠢᠯ ᠭᠡᠵᠦ ᠬᠡᠯᠡᠬᠦ ᠶᠢᠨ ᠠᠷᠭ᠎ᠠ ᠦᠭᠡᠢ᠃ ᠭᠠᠭ᠋ᠠᠢ ᠶᠡᠷᠦ ᠳᠡᠭᠡᠨ | ᠰᠦᠨ ᠤ ᠠᠩᠬᠢᠯᠤᠮ᠎ᠠ ᠦᠨᠦᠷ᠂ ᠵᠢᠭᠠᠰᠤᠨ ᠤ ᠰᠢᠩᠬᠡᠭ ᠦᠨᠦᠷ᠂ ᠭᠦᠵᠡᠯᠵᠡᠭᠡᠨ᠎ᠡ ᠶᠢᠨ ᠦᠨᠦᠷ ᠵᠡᠷᠭᠡ ᠳᠤ ᠳᠤᠷᠠᠲᠠᠢ | ᠪᠠᠶᠢᠳᠠᠭ᠃ ᠵᠠᠷᠢᠮ ᠦᠢᠯᠡᠳᠪᠦᠷᠢ ᠶᠢᠨ ᠬᠢᠨ ᠬᠡᠷᠡᠭᠯᠡᠭᠴᠢᠳ ᠤᠨ ᠠᠩᠬᠠᠷᠤᠯ ᠢ ᠲᠠᠲᠠᠬᠤ ᠶᠢᠨ ᠲᠥᠯᠥᠭᠡ ᠨᠡᠯᠢᠶᠡᠳ | ᠠᠷᠪᠢᠨ ᠠᠩᠬᠢᠯᠤᠮ᠎ᠠ ᠦᠨᠦᠷᠲᠦ ᠡᠳ᠋ ᠢ ᠨᠡᠮᠡᠵᠦ ᠣᠷᠣᠭᠤᠯᠤᠭᠰᠠᠨ ᠨᠢ ᠵᠥᠪᠬᠡᠨ ᠲᠡᠵᠢᠭᠡᠯ ᠪᠣᠷᠳᠣᠭᠠᠨ ᠤ ᠠᠰᠢᠭ | ᠦᠭᠡᠢ ᠥᠪᠡᠷ ᠤᠨ ᠦᠷᠲᠡᠭ ᠢ ᠨᠡᠮᠡᠭᠳᠡᠭᠦᠯᠦᠭᠰᠡᠨ ᠲᠡᠳᠦᠢ ᠶᠤᠮ᠃ | 4. ᠭᠠᠭ᠋ᠠᠢ ᠶᠢᠨ ᠥᠰᠦᠯᠲᠡ ᠶᠢᠨ ᠱᠠᠲᠤᠨ ᠳᠤ ᠴᠢᠭᠯᠡᠭᠦᠯᠦᠨ ᠬᠤᠯᠢᠮᠠᠭ ᠡᠳ᠋ ᠲᠤ ᠪᠤᠰᠤᠳ ᠲᠦᠭᠦᠬᠡᠢ ᠡᠳ᠋ ᠢ | ᠳᠤᠷ᠎ᠠ ᠪᠠᠷ ᠢᠶᠠᠨ ᠨᠡᠮᠡᠵᠦ ᠤᠷᠤᠭᠤᠯᠬᠤ᠃ ᠵᠢᠱᠢᠶᠡᠯᠡᠪᠡᠯ ᠳᠤᠮᠳᠠ ᠵᠡᠷᠭᠡ ᠶᠢᠨ ᠭᠠᠭ᠋ᠠᠢ ᠶᠢᠨ ᠬᠤᠯᠢᠮᠠᠭ ᠡᠳ᠋ ᠢᠶᠠᠷ | ᠲᠤᠷᠤᠢ ᠶᠢ ᠲᠡᠵᠢᠭᠡᠬᠦ᠂ ᠪᠦᠳᠦᠭᠦᠨ ᠭᠠᠭ᠋ᠠᠢ ᠶᠢ ᠲᠡᠵᠢᠭᠡᠬᠦ ᠪᠠᠷ ᠪᠤᠳᠤᠶ᠎ᠠ᠃ ᠢᠩᠭᠢᠵᠦ ᠲᠡᠵᠢᠭᠡᠬᠦ ᠠᠷᠭ᠎ᠠ ᠨᠢ | ᠭᠠᠭ᠋ᠠᠢ ᠶᠢᠨ ᠬᠠᠮᠤᠭ ᠤᠨ ᠶᠡᠭᠡ ᠥᠰᠦᠯᠲᠡ ᠶᠢᠨ ᠴᠢᠳᠠᠪᠤᠷᠢ ᠶᠢ ᠪᠠᠳᠠᠷᠠᠭᠤᠯᠵᠤ ᠴᠢᠳᠠᠬᠤ ᠦᠭᠡᠢ ᠮᠥᠷᠲᠡᠭᠡᠨ | ᠲᠡᠵᠢᠭᠡᠯ ᠪᠣᠷᠳᠤᠭ᠎ᠠ ᠶᠢᠨ ᠥᠪᠡᠷ ᠤᠨ ᠥᠷᠲᠡᠭ ᠢ ᠴᠦ ᠨᠡᠮᠡᠭᠳᠡᠭᠦᠯᠳᠡᠭ᠃ 4% ᠶᠢᠨ ᠬᠤᠯᠢᠮᠠᠭ ᠡᠳ᠋ ᠢᠶᠠᠷ ᠳᠠᠪᠤᠰᠤ | ᠨᠡᠮᠡᠪᠡᠯ ᠰᠢᠮ᠎ᠡ ᠲᠡᠵᠢᠭᠡᠯ ᠨᠡᠮᠡᠭᠰᠡᠨ ᠰᠢᠭ ᠪᠣᠯᠪᠠᠴᠤ ᠳᠠᠪᠤᠰᠤ ᠬᠡᠲᠦᠷᠬᠡᠢ ᠠᠷᠪᠢᠨ ᠨᠡᠮᠡᠪᠡᠯ ᠬᠥᠩᠭᠡᠨ ᠬᠡᠮᠵᠢᠶᠡᠨ ᠤ | ᠬᠤᠣᠷᠳᠠᠯᠭ᠎ᠠ ᠶᠢ ᠡᠭᠦᠰᠬᠡᠵᠦ ᠮᠡᠳᠡᠨ᠎ᠡ᠃ ᠢᠯᠡᠭᠦᠴᠡ ᠲᠡᠵᠢᠭᠡᠯ ᠪᠣᠷᠳᠣᠭᠠᠨ ᠤ ᠲᠦᠭᠦᠬᠡᠢ ᠡᠳ᠋ ᠢ ᠨᠡᠮᠡᠪᠡᠯ | ᠭᠡᠳᠡᠷᠭᠦ ᠪᠠᠨ ᠲᠡᠵᠢᠭᠡᠨ ᠦᠷᠡᠵᠢᠭᠦᠯᠬᠦ ᠠᠰᠢᠭ ᠬᠤᠨᠵᠢᠪᠤᠷᠢ ᠶᠢ ᠪᠠᠭᠤᠷᠠᠭᠤᠯᠳᠠᠭ᠂ ᠭᠡᠪᠡᠴᠦ ᠵᠠᠷᠢᠮ ᠳᠠᠭᠠᠨ ᠵᠥᠪ | ᠣᠨᠣᠪᠴᠢᠲᠠᠶ ᠵᠢᠭᠠᠨ ᠵᠢᠯᠣᠭᠤᠳᠤᠭᠰᠠᠨ ᠪᠠᠶᠢᠳᠠᠯ ᠳᠣᠣᠷ᠎ᠠ ᠲᠣᠬᠢᠷᠠᠮᠵᠢᠲᠠᠢ ᠪᠤᠰᠤᠳ ᠪᠣᠳᠠᠰ ᠢ ᠨᠡᠮᠡᠬᠦ ᠨᠢ | ᠪᠦᠲᠦᠮᠵᠢᠲᠡᠶ ᠨᠥᠬᠦᠪᠦᠷᠢ ᠪᠣᠯᠣᠨ᠎ᠠ᠃ ᠵᠢᠱᠢᠶᠡᠯᠡᠪᠡᠯ ᠲᠣᠬᠢᠷᠠᠭᠤᠯᠬᠤ ᠴᠢᠨᠠᠷᠲᠠᠢ ᠪᠠᠷ ᠡᠮᠲᠦ ᠪᠣᠳᠠᠰ᠂ ᠬᠥᠬᠡ | ᠡᠪᠡᠰᠦ ᠶᠢ ᠬᠡᠮᠬᠡᠴᠢᠬᠦ ᠵᠡᠷᠭᠡ ᠶᠢ ᠨᠡᠮᠡᠵᠦ ᠤᠷᠤᠭᠤᠯᠬᠤ ᠵᠡᠷᠭᠡ ᠪᠣᠯᠤᠨ᠎ᠠ᠃ | 5. ᠭᠠᠭ᠋ᠠᠢ ᠶᠢᠨ ᠪᠡᠶ᠎ᠡ ᠶᠢᠨ ᠪᠠᠶᠢᠳᠠᠯ᠂ ᠭᠠᠷᠭᠠᠯᠲᠠ ᠶᠢᠨ ᠦᠨ᠎ᠡ ᠶᠢ ᠬᠡᠲᠦᠷᠬᠡᠢ ᠬᠥᠭᠡᠭᠡᠴᠡᠯᠳᠦᠭᠰᠡᠨ ᠤ | ᠤᠯᠠᠮ ᠠᠴᠠ ᠬᠥᠭᠡᠷᠦᠭᠦᠯᠬᠦ ᠡᠮ ᠪᠤᠶᠤ ᠲᠡᠭᠦᠨ ᠤ ᠨᠡᠮᠡᠯᠲᠡ ᠡᠳ᠋ ᠲᠠᠢ ᠪᠦᠳᠦᠭᠦᠨ ᠭᠠᠭ᠋ᠠᠢ ᠶᠢᠨ ᠪᠣᠷᠳᠤᠭ᠎ᠠ ᠶᠢ | ᠬᠡᠷᠡᠭᠯᠡᠬᠦ ᠶᠠᠪᠤᠳᠠᠯ ᠨᠢ ᠨᠡᠶᠢᠭᠡᠮ ᠳᠤ ᠵᠣᠬᠢᠬᠤ ᠬᠡᠮᠵᠢᠶᠡᠨ ᠤ ᠮᠠᠭᠤ ᠨᠥᠯᠥᠭᠡ ᠦᠵᠡᠭᠦᠯᠦᠭᠰᠡᠨ ᠨᠢᠭᠡ ᠵᠦᠢᠯ ᠤᠨ ᠵᠦᠢ | ᠪᠤᠰᠤ ᠠᠵᠢᠯᠯᠠᠭ᠎ᠠ ᠮᠥᠨ᠃ ᠠᠮᠤᠷ ᠲᠦᠪᠰᠢᠨ᠂ ᠣᠷᠴᠢᠨ ᠠᠬᠤᠢ ᠶᠢ ᠬᠠᠮᠠᠭᠠᠯᠠᠬᠤ ᠴᠢᠨᠠᠷ ᠰᠠᠶᠢᠲᠠᠢ ᠲᠡᠵᠢᠭᠡᠯ | ᠪᠣᠷᠳᠤᠭ᠎ᠠ ᠶᠢ ᠬᠡᠷᠡᠭᠯᠡᠬᠦ ᠪᠣᠯ ᠰᠠᠶ᠋ᠢ ᠲᠡᠵᠢᠭᠡᠨ ᠦᠷᠡᠵᠢᠭᠦᠯᠬᠦ ᠶᠢᠨ ᠬᠥᠭᠡᠭᠡᠴᠡᠯᠳᠦᠬᠦ ᠬᠠᠷᠠᠯᠲᠠ ᠮᠥᠨ᠃ | | | ᠪᠡᠯᠡᠳᠭᠡᠭᠰᠡᠨ ᠨᠢ᠄ ᠬᠠᠨ ᠰᠢᠶᠤᠤ ᠿᠦᠩ | ᠬᠢᠨᠠᠬᠴᠢ᠄ ᠼᠦᠢ ᠶᠢᠩ | ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ | ᠣᠷᠤᠨ ᠤ ᠲᠢᠩᠬᠢᠮ | |