| ᠡᠨᠡ ᠵᠢᠯ ᠤᠨ 10 ᠰᠠᠷ᠎ᠠ ᠪᠣᠯ ᠮᠠᠨ ᠤ ᠤᠯᠤᠰ ᠤᠨ ᠨᠠᠰᠤᠲᠠᠶᠢᠴᠤᠳ ᠢ ᠬᠦᠨᠳᠦᠯᠡᠬᠦ 15 ᠳ᠋ᠤᠭᠠᠷ ᠰᠠᠷ᠎ᠠ | ᠪᠣᠯᠣᠨ᠎ᠠ᠂ ᠠᠵᠢᠯᠯᠠᠭ᠎ᠠ ᠶᠢᠨ ᠭᠤᠣᠯ ᠰᠡᠳᠦᠪ ᠨᠢ ︽ᠨᠠᠰᠤᠲᠠᠶᠢᠴᠤᠳ ᠢᠶᠠᠷ ᠭᠤᠣᠯ ᠪᠣᠯᠭᠠᠬᠤ ᠶᠢ ᠪᠠᠷᠢᠮᠲᠠᠯᠠᠵᠤ᠂ | ᠨᠠᠰᠤᠲᠠᠶᠢᠴᠤᠳ ᠤᠨ ᠨᠥᠬᠦᠷᠰᠡᠭ ᠬᠡᠯᠪᠡᠷᠢ ᠶᠢᠨ ᠨᠡᠶᠢᠭᠡᠮ ᠢ ᠪᠠᠶᠢᠭᠤᠯᠬᠤ︾ ᠪᠤᠯᠤᠨ᠎ᠠ᠃ ᠡᠭᠦᠨ ᠤ ᠲᠤᠯᠠᠳᠠ᠂ ︽ | ᠳᠤᠮᠳᠠᠳᠤ ᠤᠯᠤᠰ ᠤᠨ ᠠᠷᠠᠳ ᠤᠨ ᠶᠠᠪᠤᠳᠠᠯ︾ ᠰᠡᠳᠬᠦᠯ 10 ᠰᠠᠷ᠎ᠠ ᠳᠤ ᠲᠤᠰᠬᠠᠶᠢᠯᠠᠨ ᠨᠢᠭᠡ ᠪᠦᠯᠦᠭ | ᠨᠠᠰᠤᠵᠢᠯ ᠤᠨ ᠠᠰᠠᠷᠠᠮᠵᠢ ᠶᠢᠨ ᠦᠢᠯᠡᠴᠢᠯᠡᠭᠡᠨ ᠤ ᠲᠤᠬᠠᠢ ᠲᠥᠷᠥ ᠶᠢᠨ ᠪᠣᠳᠣᠯᠭ᠎ᠠ ᠶᠢᠨ ᠠᠰᠠᠭᠤᠯᠲᠠ | ᠬᠠᠷᠢᠭᠤᠯᠲᠠ ᠶᠢ ᠨᠡᠶᠢᠲᠡᠯᠡᠪᠡ᠃ | ᠠᠰᠠᠭᠤᠯᠲᠠ᠄ ᠨᠠᠰᠤᠵᠢᠯ ᠤᠨ ᠠᠰᠠᠷᠠᠮᠵᠢ ᠶᠢᠨ ᠪᠠᠶᠢᠭᠤᠯᠤᠮᠵᠢ ᠶᠢ ᠬᠡᠷᠬᠢᠨ ᠲᠣᠮᠢᠶᠠᠯᠠᠭᠰᠠᠨ ᠪᠣᠶ︖ ᠬᠡᠷᠬᠢᠨ | ᠳᠠᠩᠰᠠᠯᠠᠭᠤᠯᠬᠤ ᠪᠤᠢ︖ | ᠬᠠᠷᠢᠭᠤᠯᠲᠠ᠄ ︽ᠨᠠᠰᠤᠵᠢᠯ ᠤᠨ ᠠᠰᠠᠷᠠᠮᠵᠢ ᠶᠢᠨ ᠪᠠᠶᠢᠭᠤᠯᠤᠮᠵᠢ ᠶᠢᠨ ᠬᠠᠮᠢᠶᠠᠷᠤᠯᠲᠠ ᠶᠢᠨ ᠠᠷᠭ᠎ᠠ︾ ᠶᠢ | ᠦᠨᠳᠦᠰᠦᠯᠡᠪᠡᠯ᠂ ᠨᠠᠰᠤᠵᠢᠯ ᠤᠨ ᠠᠰᠠᠷᠠᠮᠵᠢ ᠶᠢᠨ ᠪᠠᠶᠢᠭᠤᠯᠤᠮᠵᠢ ᠭᠡᠳᠡᠭ ᠨᠢ ᠬᠠᠤᠯᠢ ᠶᠣᠰᠣᠭᠠᠷ ᠳᠡᠩᠰᠡᠯᠡᠵᠦ᠂ | ᠨᠠᠰᠤᠲᠠᠶᠢᠴᠤᠳ ᠲᠤ ᠪᠦᠬᠦᠯᠢ ᠡᠳᠦᠷ ᠢᠶᠠᠷ ᠲᠥᠪᠯᠡᠷᠡᠭᠦᠯᠦᠨ ᠬᠤᠨᠣᠭᠯᠠᠬᠤ ᠪᠠ ᠠᠰᠠᠷᠠᠨ ᠰᠤᠪᠢᠯᠠᠬᠤ ᠦᠢᠯᠡᠴᠢᠯᠡᠭᠡ | ᠬᠠᠩᠭᠠᠵᠤ᠂ ᠣᠷᠣ ᠶᠢᠨ ᠲᠤᠭ᠎ᠠ ᠨᠢ 10 ᠠᠴᠠ ᠳᠡᠭᠡᠭᠰᠢ ᠪᠠᠶᠢᠬᠤ ᠪᠠᠶᠢᠭᠤᠯᠤᠮᠵᠢ ᠶᠢ ᠵᠢᠭᠠᠵᠤ ᠪᠠᠶᠢᠨ᠎ᠠ᠃ | ᠨᠠᠰᠤᠵᠢᠯ ᠤᠨ ᠪᠠᠶᠢᠭᠤᠯᠤᠮᠵᠢ ᠶᠢ ᠠᠰᠢᠭ ᠬᠤᠨᠵᠢᠪᠤᠷᠢ ᠶᠢᠨ ᠴᠢᠨᠠᠷᠲᠠᠢ ᠪᠠ ᠠᠰᠢᠭ ᠬᠤᠨᠵᠢᠪᠤᠷᠢ ᠶᠢᠨ ᠪᠤᠰᠤ | ᠴᠢᠨᠠᠷᠲᠠᠢ ᠨᠠᠰᠤᠵᠢᠯ ᠤᠨ ᠪᠠᠶᠢᠭᠤᠯᠤᠮᠵᠢ ᠭᠡᠵᠦ ᠬᠤᠪᠢᠶᠠᠨ᠎ᠠ᠃ ᠠᠰᠢᠭ ᠬᠤᠨᠵᠢᠪᠤᠷᠢ ᠶᠢᠨ ᠴᠢᠨᠠᠷᠲᠠᠢ ᠨᠠᠰᠤᠵᠢᠯ ᠤᠨ | ᠠᠰᠠᠷᠠᠮᠵᠢ ᠶᠢᠨ ᠪᠠᠶᠢᠭᠤᠯᠤᠮᠵᠢ ᠶᠢ ᠳᠠᠩᠰᠠᠯᠠᠭᠤᠯᠬᠤ ᠳᠤ᠂ ᠨᠠᠰᠤᠲᠠᠶᠢᠴᠤᠳ ᠢ ᠬᠤᠷᠢᠶᠠᠨ ᠠᠪᠤᠭᠰᠠᠨ ᠤ ᠳᠠᠷᠠᠭᠠᠬᠢ | 10 ᠠᠵᠢᠯᠯᠠᠬᠤ ᠡᠳᠦᠷ ᠤᠨ ᠳᠣᠲᠣᠷ᠎ᠠ ᠦᠢᠯᠡᠴᠢᠯᠡᠭᠡᠨ ᠤ ᠲᠠᠯᠠᠪᠤᠷ ᠭᠠᠵᠠᠷ ᠤᠨ ᠪᠠᠶᠢᠭ᠎ᠠ ᠰᠢᠶᠠᠨ ᠤ ᠱᠠᠲᠤᠨ ᠤ | ᠠᠷᠠᠳ ᠤᠨ ᠵᠠᠰᠠᠭ ᠤᠨ ᠣᠷᠳᠣᠨ ᠤ ᠠᠷᠠᠳ ᠤᠨ ᠶᠠᠪᠤᠳᠠᠯ ᠤᠨ ᠰᠠᠯᠠᠭ᠎ᠠ ᠮᠥᠴᠢᠷ ᠲᠤ ᠳᠤᠷᠠᠳᠤᠨ᠎ᠠ᠃ ᠠᠰᠢᠭ | ᠣᠯᠵᠠᠪᠤᠷᠢ ᠶᠢᠨ ᠪᠤᠰᠤ ᠴᠢᠨᠠᠷᠲᠠᠢ ᠨᠠᠰᠤᠵᠢᠯ ᠤᠨ ᠠᠰᠠᠷᠠᠮᠵᠢ ᠶᠢᠨ ᠪᠠᠶᠢᠭᠤᠯᠤᠮᠵᠢ ᠶᠢ ᠳᠠᠩᠰᠠᠯᠠᠭᠤᠯᠬᠤ ᠳᠤ᠂ | ᠨᠠᠰᠤᠲᠠᠶᠢᠴᠤᠳ ᠢ ᠬᠤᠷᠢᠶᠠᠭᠰᠠᠨ ᠤ ᠳᠠᠷᠠᠭᠠᠬᠢ 10 ᠠᠵᠢᠯᠯᠠᠬᠤ ᠡᠳᠦᠷ ᠤᠨ ᠳᠣᠲᠣᠷ᠎ᠠ ᠳᠡᠩᠰᠡᠯᠡᠨ ᠬᠠᠮᠢᠶᠠᠷᠬᠤ | ᠪᠠᠶᠢᠭᠤᠯᠭ᠎ᠠ ᠶᠢᠨ ᠠᠳᠠᠯᠢ ᠱᠠᠲᠤᠨ ᠤ ᠠᠷᠠᠳ ᠤᠨ ᠵᠠᠰᠠᠭ ᠤᠨ ᠣᠷᠳᠣᠨ ᠤ ᠠᠷᠠᠳ ᠤᠨ ᠶᠠᠪᠤᠳᠠᠯ ᠤᠨ ᠰᠠᠯᠠᠭ᠎ᠠ | ᠮᠥᠴᠢᠷ ᠲᠤ ᠳᠤᠷᠠᠳᠬᠤ ᠬᠡᠷᠡᠭᠲᠡᠢ᠃ ᠨᠠᠰᠤᠵᠢᠯ ᠤᠨ ᠠᠰᠠᠷᠠᠮᠵᠢ ᠶᠢᠨ ᠪᠠᠶᠢᠭᠤᠯᠤᠮᠵᠢ ᠶᠢᠨ ᠠᠷᠠᠳ ᠤᠨ ᠶᠠᠪᠤᠳᠠᠯ ᠤᠨ | ᠰᠠᠯᠠᠭ᠎ᠠ ᠮᠥᠴᠢᠷ ᠲᠤ ᠳᠠᠩᠰᠠᠯᠠᠭᠤᠯᠬᠤ ᠭᠤᠶᠤᠴᠢᠯᠠᠯ ᠤᠨ ᠪᠢᠴᠢᠭ᠂ ᠨᠠᠰᠤᠵᠢᠯ ᠤᠨ ᠠᠰᠠᠷᠠᠮᠵᠢ ᠶᠢᠨ | ᠪᠠᠶᠢᠭᠤᠯᠤᠮᠵᠢ ᠶᠢᠨ ᠳᠠᠩᠰᠠᠯᠠᠭᠤᠯᠤᠭᠰᠠᠨ ᠦᠨᠡᠮᠯᠡᠯ᠂ ︽ᠨᠠᠰᠤᠵᠢᠯ ᠤᠨ ᠠᠰᠠᠷᠠᠮᠵᠢ ᠶᠢᠨ ᠪᠠᠶᠢᠭᠤᠯᠤᠮᠵᠢ ᠶᠢᠨ | ᠬᠠᠮᠢᠶᠠᠷᠤᠯᠲᠠ ᠶᠢᠨ ᠠᠷᠭ᠎ᠠ︾ ᠶᠢᠨ ᠳᠥᠷᠪᠡᠳᠦᠭᠡᠷ ᠵᠦᠢᠯ ᠤᠨ ᠱᠠᠭᠠᠷᠳᠠᠯᠭ᠎ᠠ ︵ᠲᠤᠬᠠᠶᠢᠯᠠᠪᠠᠯ ᠨᠠᠰᠤᠵᠢᠯ ᠤᠨ | ᠠᠰᠠᠷᠠᠮᠵᠢ ᠶᠢᠨ ᠪᠠᠶᠢᠭᠤᠯᠤᠮᠵᠢ ᠨᠢ ᠪᠠᠷᠢᠯᠭ᠎ᠠ᠂ ᠭᠠᠯ ᠤᠨᠲᠠᠷᠠᠭᠠᠬᠤ᠂ ᠢᠳᠡᠭᠡᠨ ᠤ ᠠᠮᠤᠷ ᠲᠦᠪᠰᠢᠨ᠂ ᠡᠮᠴᠢᠯᠡᠭᠡ | ᠡᠷᠡᠭᠦᠯ ᠬᠠᠮᠠᠭᠠᠯᠠᠯ᠂ ᠣᠨᠴᠠ ᠲᠥᠷᠥᠯ ᠤᠨ ᠲᠣᠨᠤᠭ ᠲᠥᠬᠦᠭᠡᠷᠦᠮᠵᠢ ᠵᠡᠷᠭᠡ ᠬᠠᠤᠯᠢ ᠴᠠᠭᠠᠵᠠ᠂ ᠬᠠᠤᠯᠢ ᠲᠣᠭᠲᠠᠭᠠᠯ | ᠪᠠ ᠠᠯᠪᠠᠳᠠᠯᠭ᠎ᠠ ᠶᠢᠨ ᠴᠢᠨᠠᠷᠲᠠᠢ ᠪᠠᠷᠢᠮᠵᠢᠶ᠎ᠠ ᠶᠣᠰᠣᠭᠠᠷ ᠦᠢᠯᠡᠴᠢᠯᠡᠭᠡᠨ ᠤ ᠠᠵᠢᠯᠯᠠᠭ᠎ᠠ ᠥᠷᠨᠢᠭᠦᠯᠬᠦ ᠬᠡᠷᠡᠭᠲᠡᠢ︶ ᠶᠢᠨ | ᠠᠮᠠᠯᠠᠯᠲᠠ ᠶᠢᠨ ᠪᠢᠴᠢᠭ ᠵᠡᠷᠭᠡ ᠮᠠᠲ᠋ᠧᠷᠢᠶᠠᠯ ᠢ ᠲᠤᠰᠢᠶᠠᠬᠤ ᠶᠢᠨ ᠬᠠᠮᠲᠤ᠂ ᠦᠨᠡᠨ ᠪᠣᠳᠠᠲᠤ ᠴᠢᠨᠠᠷ ᠲᠤ | ᠬᠠᠷᠢᠭᠤᠴᠠᠬᠤ ᠬᠡᠷᠡᠭᠲᠡᠢ᠃ | ᠠᠰᠠᠭᠤᠯᠲᠠ᠄ ᠨᠠᠰᠤᠵᠢᠯ ᠤᠨ ᠠᠰᠠᠷᠠᠮᠵᠢ ᠶᠢᠨ ᠪᠠᠶᠢᠭᠤᠯᠤᠮᠵᠢ ᠶᠢ ᠳᠠᠩᠰᠠᠯᠠᠭᠤᠯᠬᠤ ᠠᠴᠠ ᠡᠮᠦᠨ᠎ᠡ ᠭᠠᠯ | ᠤᠨᠲᠠᠷᠠᠭᠠᠬᠤ ᠬᠢᠨᠠᠨ ᠰᠢᠯᠭᠠᠯᠲᠠ ᠶᠢ ᠥᠩᠭᠡᠷᠡᠭᠡᠬᠦ ᠴᠢᠬᠤᠯᠠᠲᠠᠢ ᠦᠦ︖ | ᠬᠠᠷᠢᠭᠤᠯᠲᠠ᠄ ︽ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠨᠠᠰᠤᠲᠠᠶᠢᠴᠤᠳ ᠤᠨ ᠡᠷᠬᠡ | ᠠᠰᠢᠭ ᠢ ᠪᠠᠲᠤᠯᠠᠬᠤ ᠬᠠᠤᠯᠢ︾ ᠶᠢᠨ ᠳᠥᠴᠢᠨ ᠭᠤᠷᠪᠠᠳᠤᠭᠠᠷ ᠵᠦᠢᠯ ᠳᠤ ︽ᠨᠠᠰᠤᠵᠢᠯ ᠤᠨ ᠠᠰᠠᠷᠠᠮᠵᠢ ᠶᠢᠨ | ᠪᠠᠶᠢᠭᠤᠯᠤᠮᠵᠢ ᠶᠢ ᠳᠠᠩᠰᠠᠯᠠᠭᠤᠯᠤᠭᠰᠠᠨ ᠤ ᠳᠠᠷᠠᠭ᠎ᠠ ᠳᠠᠷᠤᠢ ᠦᠢᠯᠡᠴᠢᠯᠡᠭᠡᠨ ᠤ ᠠᠵᠢᠯᠯᠠᠭ᠎ᠠ ᠥᠷᠨᠢᠭᠦᠯᠵᠦ ᠪᠣᠯᠬᠤ | ᠪᠥᠭᠡᠳ ᠰᠢᠶᠠᠨ ᠤ ᠱᠠᠲᠤᠨ ᠠᠴᠠ ᠳᠡᠭᠡᠭᠰᠢᠬᠢ ᠠᠷᠠᠳ ᠤᠨ ᠵᠠᠰᠠᠭ ᠤᠨ ᠣᠷᠳᠣᠨ ᠤ ᠠᠷᠠᠳ ᠤᠨ ᠶᠠᠪᠤᠳᠠᠯ ᠤᠨ | ᠰᠠᠯᠠᠭ᠎ᠠ ᠮᠥᠴᠢᠷ ᠲᠤ ᠳᠠᠩᠰᠠᠯᠠᠭᠤᠯᠵᠤ ᠪᠣᠯᠣᠨ᠎ᠠ︾ ᠭᠡᠵᠦ ᠲᠤᠭᠲᠠᠭᠠᠪᠠ᠃ ︽ᠨᠠᠰᠤᠵᠢᠯ ᠤᠨ ᠠᠰᠠᠷᠠᠮᠵᠢ ᠶᠢᠨ | ᠪᠠᠶᠢᠭᠤᠯᠤᠮᠵᠢ ᠶᠢᠨ ᠬᠠᠮᠢᠶᠠᠷᠤᠯᠲᠠ ᠶᠢᠨ ᠠᠷᠭ᠎ᠠ︾ ᠶᠢᠨ ᠠᠷᠪᠠᠨ ᠬᠤᠶᠠᠳᠤᠭᠠᠷ ᠵᠦᠢᠯ ᠳᠤ ︽ᠠᠷᠠᠳ ᠤᠨ | ᠶᠠᠪᠤᠳᠠᠯ ᠤᠨ ᠰᠠᠯᠠᠭ᠎ᠠ ᠮᠥᠴᠢᠷ ᠨᠠᠰᠤᠵᠢᠯ ᠤᠨ ᠠᠰᠠᠷᠠᠮᠵᠢ ᠶᠢᠨ ᠪᠠᠶᠢᠭᠤᠯᠤᠮᠵᠢ ᠶᠢᠨ ᠳᠠᠩᠰᠠᠯᠠᠭᠤᠯᠤᠭᠰᠠᠨ | ᠮᠠᠲ᠋ᠧᠷᠢᠶᠠᠯ ᠢ ᠣᠯᠣᠭᠰᠠᠨ ᠤ ᠳᠠᠷᠠᠭ᠎ᠠ᠂ ᠮᠠᠲ᠋ᠧᠷᠢᠶᠠᠯ ᠨᠢ ᠪᠦᠷᠢᠨ ᠭᠦᠢᠴᠡᠳ ᠪᠠᠶᠢᠪᠠᠯ᠂ ᠳᠠᠩᠰᠠᠯᠠᠭᠤᠯᠤᠭᠰᠠᠨ | ᠬᠠᠷᠢᠭᠤ ᠪᠠᠷᠢᠮᠲᠠ ᠬᠢᠵᠦ ᠥᠭᠬᠦ ᠬᠡᠷᠡᠭᠲᠡᠢ︔ ᠮᠠᠲ᠋ᠧᠷᠢᠶᠠᠯ ᠨᠢ ᠪᠦᠷᠢᠨ ᠭᠦᠢᠴᠡᠳ ᠦᠭᠡᠢ ᠪᠠᠶᠢᠪᠠᠯ᠂ ᠨᠠᠰᠤᠵᠢᠯ ᠤᠨ | ᠠᠰᠠᠷᠠᠮᠵᠢ ᠶᠢᠨ ᠪᠠᠶᠢᠭᠤᠯᠤᠮᠵᠢ ᠶᠢ ᠵᠢᠯᠣᠭᠤᠳᠤᠨ ᠨᠥᠬᠦᠪᠦᠷᠢᠯᠡᠨ ᠵᠠᠯᠠᠷᠠᠭᠤᠯᠬᠤ ᠬᠡᠷᠡᠭᠲᠡᠢ︾ ᠭᠡᠵᠦ ᠲᠤᠭᠲᠠᠭᠠᠪᠠ︔ | ᠭᠤᠴᠢᠨ ᠵᠢᠷᠭᠤᠳᠤᠭᠠᠷ ᠵᠦᠢᠯ ᠳᠤ ︽ᠠᠷᠠᠳ ᠤᠨ ᠶᠠᠪᠤᠳᠠᠯ ᠤᠨ ᠰᠠᠯᠠᠭ᠎ᠠ ᠮᠥᠴᠢᠷ ᠬᠢᠨᠠᠯᠲᠠ ᠲᠠᠯᠪᠢᠵᠤ ᠪᠠᠶᠢᠴᠠᠭᠠᠬᠤ | ᠳᠤᠮᠳᠠ ᠪᠠᠨ ᠨᠠᠰᠤᠵᠢᠯ ᠤᠨ ᠠᠰᠠᠷᠠᠮᠵᠢ ᠶᠢᠨ ᠪᠠᠶᠢᠭᠤᠯᠤᠮᠵᠢ ᠳᠤ ᠪᠤᠰᠤᠳ ᠰᠠᠯᠠᠭ᠎ᠠ ᠮᠥᠴᠢᠷ ᠠᠴᠠ ᠪᠠᠶᠢᠴᠠᠭᠠᠨ | ᠰᠢᠢᠳᠪᠦᠷᠢᠯᠡᠬᠦ ᠬᠡᠷᠡᠭᠲᠡᠢ ᠬᠠᠤᠯᠢ ᠲᠣᠭᠲᠠᠭᠠᠯ ᠠᠴᠠ ᠵᠥᠷᠢᠴᠡᠭᠰᠡᠨ ᠦᠶᠯᠡ ᠠᠵᠢᠯᠯᠠᠭ᠎ᠠ ᠣᠷᠣᠰᠢᠵᠤ ᠪᠠᠶᠢᠬᠤ ᠶᠢ | ᠣᠯᠵᠤ ᠮᠡᠳᠡᠪᠡᠯ᠂ ᠴᠠᠭ ᠲᠤᠬᠠᠢ ᠳᠤᠨᠢ ᠬᠤᠯᠪᠣᠭᠳᠠᠯ ᠪᠦᠬᠦᠢ ᠰᠠᠯᠠᠭ᠎ᠠ ᠮᠥᠴᠢᠷ ᠲᠤ ᠮᠡᠳᠡᠭᠳᠡᠵᠦ | ᠰᠢᠢᠳᠪᠦᠷᠢᠯᠡᠭᠦᠯᠦᠨ᠎ᠡ︾ ᠭᠡᠵᠦ ᠲᠤᠭᠲᠠᠭᠠᠪᠠ᠃ | ᠡᠶᠢᠮᠦ ᠠᠴᠠ᠂ ᠣᠲᠣ ᠶᠢᠨ ᠬᠡᠷᠡᠭᠵᠢᠭᠦᠯᠵᠦ ᠪᠠᠶᠢᠭ᠎ᠠ ᠬᠠᠤᠯᠢ ᠴᠠᠭᠠᠵᠠ ᠬᠠᠤᠯᠢ ᠲᠣᠭᠲᠠᠭᠠᠯ ᠢ ᠦᠨᠳᠦᠰᠦᠯᠡᠪᠡᠯ᠂ | ᠨᠠᠰᠤᠵᠢᠯ ᠤᠨ ᠠᠰᠠᠷᠠᠮᠵᠢ ᠶᠢᠨ ᠪᠠᠶᠢᠭᠤᠯᠤᠮᠵᠢ ᠶᠢ ᠳᠠᠩᠰᠠᠯᠠᠭᠤᠯᠬᠤ ᠳᠤ ᠭᠠᠯ ᠤᠨᠲᠠᠷᠠᠭᠠᠬᠤ ᠬᠢᠨᠠᠨ ᠰᠢᠯᠭᠠᠯᠲᠠ ᠪᠠᠷ | ᠤᠷᠢᠲᠠᠯ ᠨᠥᠬᠦᠴᠡᠯ ᠪᠣᠯᠭᠠᠬᠤ ᠦᠭᠡᠢ᠂ ᠨᠠᠰᠤᠵᠢᠯ ᠤᠨ ᠠᠰᠠᠷᠠᠮᠵᠢ ᠶᠢᠨ ᠪᠠᠶᠢᠭᠤᠯᠤᠮᠵᠢ ᠶᠢᠨ ᠳᠠᠩᠰᠠᠯᠠᠭᠤᠯᠤᠭᠰᠠᠨ | ᠮᠠᠲ᠋ᠧᠷᠢᠶᠠᠯ ᠨᠢ ᠪᠦᠷᠢᠨ ᠭᠦᠢᠴᠡᠳ ᠪᠣᠯᠤᠭᠰᠠᠨ ᠤ ᠳᠠᠷᠠᠭ᠎ᠠ ᠳᠠᠷᠤᠢ ᠳᠠᠩᠰᠠᠯᠠᠭᠤᠯᠵᠤ ᠪᠣᠯᠣᠨ᠎ᠠ᠃ ᠠᠷᠠᠳ ᠤᠨ | ᠶᠠᠪᠤᠳᠠᠯ ᠤᠨ ᠰᠠᠯᠠᠭ᠎ᠠ ᠮᠥᠴᠢᠷ ᠤᠳ ᠤᠴᠢᠷ ᠶᠠᠪᠤᠳᠠᠯ ᠤᠨ ᠳᠤᠮᠳᠠᠬᠢ ᠪᠠ ᠤᠴᠢᠷ ᠶᠠᠪᠤᠳᠠᠯ ᠤᠨ ᠳᠠᠷᠠᠭᠠᠬᠢ | ᠬᠢᠨᠠᠯᠲᠠ ᠬᠠᠮᠢᠶᠠᠷᠤᠯᠲᠠ ᠶᠢᠨ ᠳᠤᠮᠳᠠ ᠭᠠᠯ ᠤᠨᠲᠠᠷᠠᠭᠠᠬᠤ ᠠᠮᠤᠷ ᠲᠦᠪᠰᠢᠨ ᠤ ᠵᠡᠷᠭᠡ ᠠᠰᠠᠭᠤᠳᠠᠯ ᠣᠷᠣᠰᠢᠵᠤ | ᠪᠠᠶᠢᠬᠤ ᠶᠢ ᠣᠯᠵᠤ ᠮᠡᠳᠡᠪᠡᠯ᠂ ᠬᠠᠤᠯᠢ ᠲᠣᠭᠲᠠᠭᠠᠯ ᠶᠣᠰᠣᠭᠠᠷ ᠬᠠᠮᠢᠶ᠎ᠠ ᠪᠦᠬᠦᠢ ᠰᠠᠯᠠᠭ᠎ᠠ ᠮᠥᠴᠢᠷ ᠲᠤ ᠮᠡᠳᠡᠭᠳᠡᠵᠦ | ᠰᠢᠢᠳᠪᠦᠷᠢᠯᠡᠭᠦᠯᠦᠨ᠎ᠡ᠃ | ᠠᠰᠠᠭᠤᠯᠲᠠ᠄ ᠨᠡᠶᠢᠭᠡᠮ ᠲᠣᠭᠤᠷᠢᠭ ᠤᠨ ᠡᠷᠡᠭᠦᠯ ᠬᠠᠮᠠᠭᠠᠯᠠᠯ ᠤᠨ ᠦᠢᠯᠡᠴᠢᠯᠡᠭᠡᠨ ᠤ ᠲᠥᠪ ᠨᠢ | ᠨᠠᠰᠤᠲᠠᠶᠢᠴᠤᠳ ᠲᠤ ᠴᠢᠳᠠᠪᠤᠷᠢ ᠶᠢᠨ ᠦᠨᠡᠯᠡᠯᠲᠡ ᠬᠢᠵᠦ ᠪᠣᠯᠣᠨ᠎ᠠ ᠦᠦ︖ | ᠬᠠᠷᠢᠭᠤᠯᠲᠠ᠄ 2022 ᠣᠨ ᠤ 12 ᠰᠠᠷ᠎ᠠ ᠶᠢᠨ 30 ᠤ ᠡᠳᠦᠷ᠂ ᠤᠯᠤᠰ ᠤᠨ ᠵᠠᠬ᠎ᠠ ᠳᠡᠯᠭᠡᠭᠦᠷ ᠤᠨ | ᠬᠢᠨᠠᠯᠲᠠ ᠬᠠᠮᠢᠶᠠᠷᠤᠯᠲᠠ ᠶᠢᠨ ᠶᠡᠷᠦᠩᠬᠡᠢ ᠲᠣᠪᠴᠢᠶ᠎ᠠ᠂ ᠤᠯᠤᠰ ᠤᠨ ᠪᠠᠷᠢᠮᠵᠢᠶᠠᠵᠢᠭᠤᠯᠤᠯᠲᠠ ᠶᠢᠨ ᠬᠠᠮᠢᠶᠠᠷᠤᠯᠲᠠ ᠶᠢᠨ | ᠵᠥᠪᠯᠡᠯ ᠠᠴᠠ ︽ᠨᠠᠰᠤᠲᠠᠶᠢᠴᠤᠳ ᠤᠨ ᠴᠢᠳᠠᠪᠤᠷᠢ ᠶᠢ ᠦᠨᠡᠯᠡᠨ ᠵᠢᠱᠢᠬᠦ ᠵᠢᠷᠤᠮᠵᠢᠯ︾ ᠤᠨ ᠤᠯᠤᠰ ᠤᠨ | ᠪᠠᠷᠢᠮᠵᠢᠶ᠎ᠠ ᠶᠢ ᠨᠡᠶᠢᠲᠡᠯᠡᠵᠦ᠂ ᠨᠠᠰᠤᠲᠠᠶᠢᠴᠤᠳ ᠤᠨ ᠴᠢᠳᠠᠪᠤᠷᠢ ᠶᠢᠨ ᠵᠡᠷᠭᠡ ᠳᠡᠰ ᠢ᠄ ᠴᠢᠳᠠᠪᠤᠷᠢ ᠨᠢ ᠪᠦᠷᠢᠨ | ᠪᠦᠲᠦᠨ᠂ ᠴᠢᠳᠠᠪᠤᠷᠢ ᠨᠢ ᠬᠥᠩᠭᠡᠨ ᠬᠤᠬᠢᠷᠠᠯ᠂ ᠴᠢᠳᠠᠪᠤᠷᠢ ᠨᠢ ᠳᠤᠮᠳᠠ ᠵᠡᠷᠭᠡ ᠶᠢᠨ ᠬᠤᠬᠢᠷᠠᠯ ︵ᠳᠤᠮᠳᠠ | ᠵᠡᠷᠭᠡ ᠶᠢᠨ ᠴᠢᠳᠠᠪᠤᠷᠢ ᠪᠠᠨ ᠠᠯᠳᠠᠬᠤ︶᠂ ᠴᠢᠳᠠᠪᠤᠷᠢ ᠨᠢ ᠬᠦᠨᠳᠦ ᠬᠤᠬᠢᠷᠠᠯ ︵ᠬᠦᠨᠳᠦ ᠬᠡᠮᠵᠢᠶᠡᠨ ᠤ | ᠴᠢᠳᠠᠪᠤᠷᠢ ᠪᠠᠨ ᠠᠯᠳᠠᠬᠤ︶ ᠪᠠ ᠴᠢᠳᠠᠪᠤᠷᠢ ᠪᠠᠨ ᠪᠦᠷᠢᠮᠰᠦᠨ ᠠᠯᠳᠠᠬᠤ ︵ᠴᠢᠳᠠᠪᠤᠷᠢ ᠪᠠᠨ ᠪᠦᠷᠢᠮᠰᠦᠨ ᠠᠯᠳᠠᠬᠤ︶ | 5 ᠲᠥᠷᠥᠯ ᠳᠤ ᠬᠤᠪᠢᠶᠠᠪᠠ᠃ ᠪᠠᠷᠢᠮᠵᠢᠶ᠎ᠠ ᠳᠤ ᠪᠠᠰᠠ ᠲᠣᠳᠣᠷᠬᠠᠢ ᠲᠣᠭᠲᠠᠭᠠᠭᠰᠠᠨ ᠨᠢ᠂ ᠨᠠᠰᠤᠲᠠᠶᠢᠴᠤᠳ ᠤᠨ | ᠴᠢᠳᠠᠪᠤᠷᠢ ᠶᠢ ᠦᠨᠡᠯᠡᠨ ᠵᠢᠱᠢᠬᠦ ᠪᠠᠶᠢᠭᠤᠯᠤᠮᠵᠢ ᠶᠢ ᠬᠠᠤᠯᠢ ᠶᠣᠰᠣᠭᠠᠷ ᠳᠠᠩᠰᠠᠯᠠᠭᠤᠯᠤᠭᠰᠠᠨ ᠠᠵᠤ ᠠᠬᠤᠶᠢᠯᠠᠯ ᠠᠵᠢᠯ | ᠦᠢᠯᠡᠰ ᠤᠨ ᠨᠢᠭᠡᠴᠡ ᠪᠤᠶᠤ ᠨᠡᠶᠢᠭᠡᠮ ᠤᠨ ᠵᠣᠬᠢᠶᠠᠨ ᠪᠠᠶᠢᠭᠤᠯᠤᠯᠲᠠ ᠠᠴᠠ ᠡᠭᠦᠷᠭᠡᠯᠡᠵᠦ᠂ ᠦᠨᠡᠯᠡᠨ ᠵᠢᠱᠢᠬᠦ | ᠪᠠᠶᠢᠭᠤᠯᠤᠮᠵᠢ ᠶᠢᠨ ᠳᠣᠲᠣᠷ᠎ᠠ ᠲᠤᠰᠬᠠᠢ ᠲᠤᠰᠢᠶᠠᠯ ᠤᠨ ᠪᠤᠶᠤ ᠲᠤᠰᠢᠶᠠᠯ ᠬᠠᠪᠰᠤᠷᠭᠠᠭᠰᠠᠨ ᠦᠨᠡᠯᠡᠨ ᠵᠢᠱᠢᠬᠦ | ᠠᠵᠢᠯᠲᠠᠨ ᠢ ᠨᠠᠭᠠᠲᠤ ᠵᠠᠬ᠎ᠠ ᠳᠠᠭᠠᠨ 5 ᠲᠣᠬᠢᠷᠠᠭᠤᠯᠬᠤ ᠬᠡᠷᠡᠭᠲᠡᠢ᠃ ᠳᠡᠭᠡᠷ᠎ᠡ ᠳᠤᠷᠠᠳᠤᠭᠰᠠᠨ ᠱᠠᠭᠠᠷᠳᠠᠯᠭ᠎ᠠ | ᠶᠣᠰᠣᠭᠠᠷ᠂ ᠦᠨᠡᠯᠡᠨ ᠵᠢᠱᠢᠬᠦ ᠲᠥᠷᠥ ᠶᠢᠨ ᠪᠣᠳᠣᠯᠭ᠎ᠠ ᠪᠠ ᠬᠡᠷᠡᠭᠵᠢᠭᠦᠯᠬᠦ ᠶᠠᠪᠤᠴᠠ ᠨᠢ ᠭᠠᠵᠠᠷ ᠣᠷᠣᠨ ᠤ | ᠲᠥᠷᠥ ᠶᠢᠨ ᠪᠣᠳᠣᠯᠭ᠎ᠠ ᠶᠢᠨ ᠠᠳᠠᠯᠢ ᠪᠤᠰᠤ ᠠᠴᠠ ᠪᠣᠯᠵᠤ ᠵᠥᠷᠢᠶ᠎ᠡ ᠲᠠᠢ ᠪᠠᠶᠢᠵᠤ ᠮᠡᠳᠡᠬᠦ᠂ ᠨᠡᠶᠢᠭᠡᠮ ᠲᠣᠭᠤᠷᠢᠭ ᠤᠨ | ᠡᠷᠡᠭᠦᠯ ᠬᠠᠮᠠᠭᠠᠯᠠᠯ ᠤᠨ ᠦᠢᠯᠡᠴᠢᠯᠡᠭᠡᠨ ᠤ ᠲᠥᠪ ᠠᠴᠠ ᠨᠠᠰᠤᠲᠠᠶᠢᠴᠤᠳ ᠲᠤ ᠴᠢᠳᠠᠪᠤᠷᠢ ᠶᠢᠨ ᠦᠨᠡᠯᠡᠨ ᠵᠢᠱᠢᠯᠲᠡ | ᠬᠢᠵᠦ ᠳᠡᠶᠢᠯᠬᠦ ᠡᠰᠡᠬᠦ ᠶᠢ ᠪᠣᠳᠣᠯᠬᠢᠯᠠᠵᠤ᠂ ᠲᠤᠬᠠᠢ ᠶᠢᠨ ᠭᠠᠵᠠᠷ ᠤᠨ ᠬᠠᠮᠢᠶ᠎ᠠ ᠪᠦᠬᠦᠢ ᠰᠠᠯᠠᠭ᠎ᠠ ᠮᠥᠴᠢᠷ ᠠᠴᠠ | ᠠᠰᠠᠭᠤᠨ ᠯᠠᠪᠯᠠᠬᠤ ᠶᠢ ᠰᠠᠨᠠᠭᠤᠯᠤᠨ᠎ᠠ᠃ | ᠠᠰᠠᠭᠤᠯᠲᠠ᠄ ᠬᠠᠯᠳᠠᠪᠤᠷᠢᠲᠤ ᠡᠪᠡᠳᠴᠢᠨ ᠲᠠᠢ ᠨᠠᠰᠤᠲᠠᠨ ᠨᠠᠰᠤᠵᠢᠯ ᠤᠨ ᠠᠰᠠᠷᠠᠮᠵᠢ ᠶᠢᠨ ᠪᠠᠶᠢᠭᠤᠯᠤᠮᠵᠢ ᠳᠤ | ᠣᠷᠣᠵᠤ ᠰᠠᠭᠤᠵᠤ ᠪᠣᠯᠣᠨ᠎ᠠ ᠦᠦ︖ | ᠬᠠᠷᠢᠭᠤᠯᠲᠠ᠄ ︽ᠨᠠᠰᠤᠵᠢᠯ ᠤᠨ ᠠᠰᠠᠷᠠᠮᠵᠢ ᠶᠢᠨ ᠪᠠᠶᠢᠭᠤᠯᠤᠮᠵᠢ ᠶᠢᠨ ᠬᠠᠮᠢᠶᠠᠷᠤᠯᠲᠠ ᠶᠢᠨ ᠠᠷᠭ᠎ᠠ︾ ᠶᠢᠨ | ᠬᠤᠯᠪᠣᠭᠳᠠᠯ ᠪᠦᠬᠦᠢ ᠲᠣᠭᠲᠠᠭᠠᠯ ᠶᠣᠰᠣᠭᠠᠷ᠂ ᠨᠠᠰᠤᠵᠢᠯ ᠤᠨ ᠠᠰᠠᠷᠠᠮᠵᠢ ᠶᠢᠨ ᠪᠠᠶᠢᠭᠤᠯᠤᠮᠵᠢ ᠨᠢ ᠡᠪᠡᠳᠴᠢᠨ | ᠡᠮᠭᠡᠭ ᠢ ᠤᠷᠢᠳᠴᠢᠯᠠᠨ ᠰᠡᠷᠭᠡᠶᠢᠯᠡᠬᠦ ᠠᠵᠢᠯ ᠢ ᠰᠠᠶᠢᠲᠤᠷ ᠬᠢᠬᠦ ᠬᠠᠷᠢᠭᠤᠴᠠᠯᠭ᠎ᠠ ᠲᠠᠢ᠂ ᠬᠡᠷᠪᠡ ᠨᠠᠰᠤᠲᠠᠶᠢᠴᠤᠳ ᠨᠢ | ᠬᠠᠯᠳᠠᠪᠤᠷᠢᠲᠤ ᠡᠪᠡᠳᠴᠢᠲᠡᠨ ᠪᠤᠶᠤ ᠬᠠᠯᠳᠠᠪᠤᠷᠢᠲᠤ ᠡᠪᠡᠳᠴᠢᠨ ᠤ ᠰᠡᠵᠢᠭ ᠲᠠᠢ ᠡᠪᠡᠳᠴᠢᠲᠡᠨ ᠪᠣᠯᠬᠤ ᠶᠢ ᠣᠯᠵᠤ | ᠮᠡᠳᠡᠪᠡᠯ᠂ ᠣᠶᠢᠷ᠎ᠠ ᠬᠠᠪᠢ ᠶᠢᠨ ᠡᠪᠡᠳᠴᠢᠨ ᠡᠮᠭᠡᠭ ᠢ ᠰᠡᠷᠭᠡᠶᠢᠯᠡᠨ ᠬᠢᠵᠠᠭᠠᠷᠯᠠᠬᠤ ᠪᠠᠶᠢᠭᠤᠯᠤᠮᠵᠢ ᠪᠤᠶᠤ ᠡᠮᠴᠢᠯᠡᠭᠡᠨ ᠤ | ᠪᠠᠶᠢᠭᠤᠯᠤᠮᠵᠢ ᠳᠤ ᠴᠠᠭ ᠲᠤᠬᠠᠢ ᠳᠤᠨᠢ ᠮᠡᠳᠡᠭᠦᠯᠵᠦ᠂ ᠡᠷᠡᠭᠦᠯ ᠬᠠᠮᠠᠭᠠᠯᠠᠯ ᠢ ᠰᠢᠢᠳᠪᠦᠷᠢᠯᠡᠬᠦ᠂ ᠲᠤᠰᠠᠭᠠᠷᠯᠠᠬᠤ ᠵᠡᠷᠭᠡ | ᠰᠡᠷᠭᠡᠶᠢᠯᠡᠨ ᠬᠢᠵᠠᠭᠠᠷᠯᠠᠬᠤ ᠠᠷᠭ᠎ᠠ ᠬᠡᠮᠵᠢᠶ᠎ᠡ ᠶᠢ ᠬᠠᠮᠵᠢᠯᠴᠠᠨ ᠬᠡᠷᠡᠭᠵᠢᠭᠦᠯᠵᠦ᠂ ᠣᠷᠣᠵᠤ ᠰᠠᠭᠤᠭᠰᠠᠨ ᠪᠤᠰᠤᠳ | ᠨᠠᠰᠤᠲᠠᠶᠢᠴᠤᠳ ᠲᠤ ᠬᠠᠯᠳᠠᠪᠤᠷᠢᠯᠠᠬᠤ ᠶᠢ ᠰᠡᠷᠭᠡᠶᠢᠯᠡᠬᠦ ᠬᠡᠷᠡᠭᠲᠡᠢ᠃ ᠡᠭᠦᠨ ᠠᠴᠠ ᠭᠠᠳᠠᠨ᠎ᠠ᠂ ᠨᠠᠰᠤᠵᠢᠯ ᠤᠨ | ᠠᠰᠠᠷᠠᠮᠵᠢ ᠶᠢᠨ ᠪᠠᠶᠢᠭᠤᠯᠤᠮᠵᠢ ᠪᠠᠰᠠ ᠡᠮᠨᠡᠯᠭᠡ ᠳᠤ ᠣᠷᠣᠬᠤ ᠶᠢ ᠦᠨᠡᠯᠡᠨ ᠵᠢᠱᠢᠬᠦ ᠳᠦᠷᠢᠮ ᠢ ᠪᠠᠶᠢᠭᠤᠯᠵᠤ᠂ | ᠨᠠᠰᠤᠲᠠᠶᠢᠴᠤᠳ ᠤᠨ ᠪᠡᠶ᠎ᠡ ᠰᠡᠳᠬᠢᠯ ᠤᠨ ᠪᠠᠶᠢᠳᠠᠯ ᠳᠤ ᠦᠨᠡᠯᠡᠨ ᠵᠢᠱᠢᠯᠲᠡ ᠬᠢᠵᠦ᠂ ᠲᠣᠰ ᠪᠡᠶ᠎ᠡ ᠶᠢᠨ ᠠᠰᠠᠷᠠᠨ | ᠰᠤᠪᠢᠯᠠᠬᠤ ᠴᠢᠳᠠᠪᠤᠷᠢ ᠶᠢ ᠦᠨᠳᠦᠰᠦᠯᠡᠨ᠂ ᠣᠷᠣᠵᠤ ᠰᠠᠭᠤᠬᠤ ᠪᠠ ᠠᠰᠠᠷᠠᠨ ᠬᠠᠷᠠᠭᠠᠯᠵᠠᠵᠤ ᠠᠰᠠᠷᠠᠨ ᠰᠤᠪᠢᠯᠠᠬᠤ | ᠵᠡᠷᠭᠡ ᠳᠡᠰ ᠢ ᠭᠥᠯᠢᠶᠡᠨ ᠠᠪᠴᠤ ᠳᠡᠶᠢᠯᠬᠦ ᠡᠰᠡᠬᠦ ᠶᠢ ᠲᠣᠭᠲᠠᠭᠠᠬᠤ ᠬᠡᠷᠡᠭᠲᠡᠢ᠃ | ᠠᠰᠠᠭᠤᠯᠲᠠ᠄ ᠨᠠᠰᠤᠲᠠᠶᠢᠴᠤᠳ ᠨᠠᠰᠤᠵᠢᠯ ᠤᠨ ᠠᠰᠠᠷᠠᠮᠵᠢ ᠶᠢᠨ ᠪᠠᠶᠢᠭᠤᠯᠤᠮᠵᠢ ᠳᠤ ᠣᠷᠳᠣ ᠬᠤᠭᠤᠴᠠᠭ᠎ᠠ ᠪᠠᠷ | ᠣᠷᠣᠵᠤ ᠰᠠᠭᠤᠬᠤ ᠱᠠᠭᠠᠷᠳᠠᠯᠭ᠎ᠠ ᠲᠠᠢ ᠪᠠᠶᠢᠪᠠᠯ᠂ ᠨᠠᠰᠤᠵᠢᠯ ᠤᠨ ᠠᠰᠠᠷᠠᠮᠵᠢ ᠶᠢᠨ ᠪᠠᠶᠢᠭᠤᠯᠤᠮᠵᠢ ᠲᠠᠢ ᠨᠡᠯᠢᠶᠡᠳ | ᠣᠷᠳᠣ ᠬᠤᠭᠤᠴᠠᠭ᠎ᠠ ︵ᠵᠢᠱᠢᠶᠡᠯᠡᠪᠡᠯ 5 ︱ 10 ᠵᠢᠯ︶ ᠶᠢᠨ ᠭᠡᠷ᠎ᠡ ᠲᠣᠭᠲᠠᠵᠤ ᠪᠣᠯᠣᠨ᠎ᠠ ᠦᠦ ᠦᠭᠡᠢ ᠦᠦ︖ | ᠬᠠᠷᠢᠭᠤᠯᠲᠠ᠄ ︽ᠪᠥᠬᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠢᠷᠭᠡᠨ ᠤ ᠬᠠᠤᠯᠢ ᠶᠢᠨ ᠪᠢᠴᠢᠭ︾ | ᠤᠨ ᠬᠤᠯᠪᠣᠭᠳᠠᠯ ᠪᠦᠬᠦᠢ ᠲᠣᠭᠲᠠᠭᠠᠯ ᠢ ᠦᠨᠳᠦᠰᠦᠯᠡᠪᠡᠯ᠂ ᠭᠡᠷ᠎ᠡ ᠪᠣᠯ ᠢᠷᠭᠡᠨ ᠤ ᠬᠡᠷᠡᠭ ᠤᠨ ᠪᠡᠶᠡᠴᠢ | ᠴᠣᠭᠴᠠ ᠶᠢᠨ ᠬᠤᠭᠤᠷᠣᠨᠳᠤ ᠢᠷᠭᠡᠨ ᠤ ᠬᠡᠷᠡᠭ ᠤᠨ ᠬᠠᠤᠯᠢ ᠴᠠᠭᠠᠵᠠ ᠶᠢᠨ ᠬᠠᠷᠢᠴᠠᠭ᠎ᠠ ᠶᠢ ᠪᠠᠶᠢᠭᠤᠯᠬᠤ᠂ | ᠬᠤᠪᠢᠷᠠᠭᠤᠯᠬᠤ᠂ ᠳᠠᠭᠤᠰᠬᠠᠬᠤ ᠬᠡᠯᠡᠯᠴᠡᠭᠡᠷ ᠮᠥᠨ᠃ ᠬᠠᠤᠯᠢ ᠶᠣᠰᠣᠭᠠᠷ ᠪᠠᠶᠢᠭᠤᠯᠤᠭᠰᠠᠨ ᠭᠡᠷ᠎ᠡ ᠶᠢ ᠬᠠᠤᠯᠢ ᠪᠠᠷ | ᠬᠠᠮᠠᠭᠠᠯᠠᠨ᠎ᠠ᠃ ᠨᠠᠰᠤᠲᠠᠶᠢᠴᠤᠳ ᠪᠠ ᠨᠠᠰᠤᠵᠢᠯ ᠤᠨ ᠠᠰᠠᠷᠠᠮᠵᠢ ᠶᠢᠨ ᠪᠠᠶᠢᠭᠤᠯᠤᠮᠵᠢ ᠪᠣᠯ ᠡᠷᠬᠡ ᠲᠡᠭᠰᠢ ᠢᠷᠭᠡᠨ ᠤ | ᠬᠡᠷᠡᠭ ᠤᠨ ᠪᠡᠶᠡᠴᠢ ᠴᠣᠭᠴᠠ ᠮᠥᠨ᠂ ᠭᠡᠷ᠎ᠡ ᠶᠢᠨ ᠬᠤᠭᠤᠴᠠᠭ᠎ᠠ ᠶᠢ ᠬᠤᠶᠠᠷ ᠲᠠᠯ᠎ᠠ ᠪᠠᠷ ᠢᠶᠠᠨ ᠵᠥᠪᠳᠡᠯᠴᠡᠨ | ᠲᠣᠭᠲᠠᠭᠠᠵᠤ ᠪᠣᠯᠣᠨ᠎ᠠ᠃ | | | ᠤᠷᠴᠢᠭᠤᠯᠤᠭᠴᠢ᠄ ᠬᠠᠨ ᠰᠢᠶᠤᠤ ᠿᠦᠩ | ᠬᠢᠨᠠᠭᠴᠢ᠄ ᠼᠦᠢ ᠶᠢᠩ |