| —— ᠵᠢᠵᠢᠭ ᠬᠠᠷᠭᠠᠨ᠎ᠠ ᠨᠢ ︽ᠨᠤᠭᠤᠭᠠᠷᠠᠭᠤᠯᠬᠤ︾ ᠪᠠ ︽ᠠᠯᠲᠠ ᠶᠢᠨ ᠭᠠᠷᠤᠯᠲᠠ︾ ᠶᠢᠨ ᠬᠤᠣᠰ | ᠠᠮᠵᠢᠯᠲᠠ ᠶᠢᠨ ᠵᠠᠮ ᠢ ᠳᠡᠪᠢᠰᠦᠨ᠎ᠡ | | ᠶᠡᠷᠦᠩᠬᠡᠢ ᠱᠦᠵᠢ ᠰᠢ ᠶᠢᠨ ᠫᠢᠩ ᠥᠪᠥᠷ ᠮᠣᠩᠭᠤᠯ ᠳᠤ ᠰᠢᠨᠵᠢᠯᠡᠨ ᠪᠠᠶᠢᠴᠠᠭᠠᠬᠤ ᠳᠠᠭᠠᠨ᠂ ᠮᠠᠨ ᠤ ᠤᠯᠤᠰ ᠤᠨ | ᠤᠮᠠᠷᠠᠲᠤ ᠶᠢᠨ ᠴᠢᠬᠤᠯᠠ ᠠᠮᠢ ᠠᠬᠤᠢ ᠶᠢᠨ ᠠᠮᠤᠷ ᠲᠦᠪᠰᠢᠨ ᠤ ᠬᠠᠯᠬᠠᠪᠴᠢ ᠶᠢ ᠪᠠᠲᠤ ᠴᠤᠭᠴᠠᠯᠠᠬᠤ ᠪᠣᠯ ᠥᠪᠥᠷ | ᠮᠣᠩᠭᠤᠯ ᠤᠨ ᠡᠷᠬᠡᠪᠰᠢ ᠪᠠᠲᠤ ᠴᠡᠭᠡᠵᠢᠯᠡᠬᠦ ︽ᠤᠯᠤᠰ ᠤᠨ ᠠᠭᠤᠤ ᠡᠷᠬᠡᠳᠡᠨ︾ ᠮᠦᠨ ᠭᠡᠪᠡ᠃ ᠹᠧᠩᠵᠧᠨ ᠬᠤᠳᠠ ᠶᠢᠨ | ᠬᠢᠨ ᠶᠡᠷᠦᠩᠬᠡᠢ ᠱᠦᠵᠢ ᠰᠢ ᠶᠢᠨ ᠫᠢᠩ ᠤᠨ ᠥᠪᠥᠷ ᠮᠣᠩᠭᠤᠯ ᠳᠤ ᠲᠤᠰᠢᠶᠠᠭᠰᠠᠨ ︽ᠲᠠᠪᠤᠨ ᠶᠡᠭᠡ ᠡᠭᠦᠷᠭᠡ︾ ᠪᠠᠷ | ᠨᠢᠭᠡᠳᠦᠯᠲᠡᠢ ᠵᠢᠯᠣᠭᠤᠳᠤᠭᠤᠯᠵᠤ᠂ ᠠᠭᠤᠯᠠ ᠤᠰᠤ ᠤᠢ ᠰᠢᠭᠤᠢ ᠲᠠᠷᠢᠶᠠᠨ ᠭᠠᠵᠠᠷ ᠨᠠᠭᠤᠷ ᠪᠦᠷᠢᠲᠦ ᠡᠪᠡᠰᠦ ᠡᠯᠡᠰᠦ ᠶᠢ | ᠨᠢᠭᠡ ᠴᠣᠭᠴᠠᠵᠢᠭᠤᠯᠤᠨ ᠬᠠᠮᠠᠭᠠᠯᠠᠬᠤ ᠪᠠ ᠰᠢᠰᠲ᠋ᠧᠮ ᠲᠠᠢ ᠵᠠᠰᠠᠬᠤ ᠶᠢ ᠪᠠᠷᠢᠮᠲᠠᠯᠠᠵᠤ᠂ ᠤᠢ ᠰᠢᠭᠤᠢ ᠶᠢᠨ ᠳᠠᠷᠤᠭ᠎ᠠ ᠶᠢᠨ | ᠳᠦᠷᠢᠮ ᠢᠶᠠᠷ ᠤᠢ ᠰᠢᠭᠤᠢ ᠡᠪᠡᠰᠦᠨ ᠤ ᠦᠢᠯᠡᠰ ᠤᠨ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠬᠤ ᠶᠡᠷᠦᠩᠬᠡᠢ ᠭᠠᠷᠳᠠᠴᠠ | ᠪᠣᠯᠭᠠᠵᠤ᠂ ᠠᠮᠢ ᠠᠬᠤᠢ ᠶᠢᠨ ᠵᠠᠰᠠᠯᠲᠠ ᠶᠢᠨ ᠵᠠᠮ ᠢ ᠬᠤᠪᠢᠷᠠᠭᠤᠯᠵᠤ᠂ ᠨᠢᠮᠭᠡᠯᠡᠨ ᠡᠯᠡᠰᠦ ᠶᠢ ᠲᠣᠭᠲᠠᠪᠤᠷᠢᠵᠢᠭᠤᠯᠵᠤ | ᠨᠣᠭᠤᠭᠠᠷᠠᠭᠤᠯᠤᠯᠲᠠ ᠶᠢ ᠨᠡᠮᠡᠭᠳᠡᠭᠦᠯᠬᠦ᠂ ᠠᠵᠤ ᠦᠢᠯᠡᠰ ᠢ ᠬᠥᠭᠵᠢᠭᠦᠯᠬᠦ᠂ ᠲᠠᠷᠢᠶᠠᠴᠢᠳ ᠤᠨ ᠣᠷᠣᠯᠭ᠎ᠠ ᠶᠢ ᠨᠡᠮᠡᠭᠳᠡᠭᠦᠯᠬᠦ | ᠠᠭᠤᠰᠤᠯᠴᠠᠨ ᠬᠥᠭᠵᠢᠬᠦ ᠵᠠᠮ ᠢ ᠨᠡᠭᠡᠭᠡᠪᠡ᠃ | | ᠬᠠᠷᠭᠠᠨ᠎ᠠ ᠪᠣᠯ ᠭᠠᠩᠰᠠᠭ ᠤᠷᠭᠤᠮᠠᠯ᠂ ᠬᠦᠢᠲᠡᠨ ᠳᠤ ᠲᠡᠰᠪᠦᠷᠢᠲᠡᠢ᠂ ᠭᠠᠩ ᠬᠠᠭᠰᠠᠷᠠᠭᠠᠨ ᠳᠤ ᠲᠡᠰᠪᠦᠷᠢᠲᠡᠢ ᠪᠥᠭᠡᠳ | ᠲᠠᠴᠢᠷ ᠨᠢᠮᠭᠡᠨ᠂ ᠳᠠᠬᠢᠨ ᠤᠷᠭᠤᠬᠤ ᠴᠢᠳᠠᠪᠤᠷᠢ ᠪᠠᠷ ᠴᠢᠩᠭ᠎ᠠ᠂ ᠠᠮᠢ ᠨᠠᠰᠤᠨ ᠤ ᠦᠶᠡᠯᠡᠯ ᠤᠨ ᠬᠤᠭᠤᠴᠠᠭ᠎ᠠ ᠤᠷᠲᠤ᠂ | ᠰᠠᠯᠬᠢᠨ ᠢ ᠬᠠᠯᠬᠠᠯᠠᠨ ᠡᠯᠡᠰᠦ ᠶᠢ ᠲᠣᠭᠲᠠᠪᠤᠷᠢᠵᠢᠭᠤᠯᠬᠤ ᠲᠠᠯ᠎ᠠ ᠪᠠᠷ ᠮᠠᠰᠢ ᠰᠠᠶᠢᠨ ᠦᠢᠯᠡᠳᠦᠯ ᠭᠠᠷᠭᠠᠳᠠᠭ᠃ ᠣᠳᠣᠬᠠᠨ ᠳᠤ᠂ | ᠹᠧᠩᠵᠧᠨ ᠬᠤᠲᠠ ᠶᠢᠨ ᠬᠠᠷᠭᠠᠨ᠎ᠠ ᠶᠢᠨ ᠲᠠᠯᠠᠪᠠᠶ 58.63 ᠲᠦᠮᠡᠨ ᠮᠦ ᠳᠤ ᠬᠦᠷᠴᠦ᠂ ᠡᠭᠦᠨ ᠳᠤ 5 ᠵᠢᠯ ᠠᠴᠠ | ᠳᠡᠭᠡᠭᠰᠢᠬᠢ ᠬᠠᠷᠭᠠᠨ᠎ᠠ ᠶᠢᠨ ᠪᠤᠲᠠ ᠮᠣᠳᠣᠨ ᠤ ᠣᠶ ᠶᠢᠨ ᠲᠠᠯᠠᠪᠠᠶ 47.66 ᠲᠦᠮᠡᠨ ᠮᠦ ᠳᠤ ᠬᠦᠷᠴᠦ᠂ ᠪᠥᠬᠦ | ᠲᠠᠯᠠᠪᠠᠶ ᠶᠢᠨ 21.46% ᠶᠢ ᠡᠵᠡᠯᠡᠪᠡ︔ 4 ᠵᠢᠯ ᠠᠴᠠ ᠳᠣᠷᠣᠭᠰᠢᠬᠢ ᠬᠠᠷᠭᠠᠨ᠎ᠠ ᠶᠢᠨ ᠪᠣᠶᠢᠵᠢᠭᠠᠳᠤᠢ ᠣᠶ ᠰᠢᠭᠤᠢ ᠶᠢᠨ | ᠲᠠᠯᠠᠪᠠᠶ 10.97 ᠲᠦᠮᠡᠨ ᠮᠦ ᠳᠤ ᠬᠦᠷᠴᠦ᠂ ᠲᠤᠬᠠᠢ ᠶᠢᠨ ᠭᠠᠵᠠᠷ ᠲᠤᠨᠢ ᠬᠠᠶᠢᠨ ᠪᠠᠶᠢᠴᠠᠭᠠᠯᠲᠠ ᠬᠢᠬᠦ ᠪᠠᠷ ᠳᠠᠮᠵᠢᠭᠠᠳ᠂ | ᠲᠣᠬᠢᠷᠠᠮᠵᠢᠲᠠᠢ ᠮᠠᠰᠢᠨ ᠮᠧᠬᠠᠨᠢᠭ ᠤᠨ ᠬᠠᠪᠲᠠᠭᠠᠢ ᠭᠤᠤᠷᠰᠤ ᠲᠠᠢ ᠰᠥᠭᠡᠭ ᠮᠣᠳᠣᠨ ᠤ ᠣᠶᠢᠲᠤ ᠭᠠᠵᠠᠷ ᠤᠨ ᠲᠠᠯᠠᠪᠠᠶ 22. | 25 ᠲᠦᠮᠡᠨ ᠮᠦ ᠬᠦᠷᠴᠡᠢ᠃ 2018 ᠣᠨ ᠳᠤ᠂ ᠹᠧᠩᠵᠧᠨ ᠬᠤᠲᠠ ᠶᠢᠨ ᠬᠢᠨ ᠯᠦᠩ ᠱᠦᠨ ᠵᠤᠸᠠᠩ ᠤᠨ ᠲᠠᠷᠢᠶᠠᠯᠠᠩ | ᠮᠠᠯ ᠠᠵᠤ ᠠᠬᠤᠢ ᠶᠢᠨ ᠰᠢᠨᠵᠢᠯᠡᠬᠦ ᠤᠬᠠᠭᠠᠨ ᠮᠡᠷᠭᠡᠵᠢᠯ ᠤᠨ ᠨᠡᠭᠡᠭᠡᠨ ᠬᠥᠭᠵᠢᠭᠦᠯᠦᠯᠲᠡ ᠶᠢᠨ ᠬᠢᠵᠠᠭᠠᠷᠲᠤ ᠺᠣᠮᠫᠠᠨᠢ ᠶᠢᠨ | ᠬᠠᠷᠭᠠᠨ᠎ᠠ ᠪᠣᠯᠪᠠᠰᠤᠷᠠᠭᠤᠯᠬᠤ ᠲᠥᠷᠥᠯ ᠵᠦᠢᠯ ᠢ ᠣᠷᠣᠭᠤᠯᠤᠨ ᠠᠪᠴᠢᠷᠠᠵᠤ ᠪᠦᠲᠦᠭᠡᠨ ᠪᠠᠶᠢᠭᠤᠯᠵᠤ᠂ ᠬᠠᠷᠭᠠᠨ᠎ᠠ ᠶᠢᠨ ︽ | ᠳᠠᠷᠢᠬᠤ ︱ ᠬᠠᠮᠢᠶᠠᠷᠴᠤ ᠬᠠᠮᠠᠭᠠᠯᠠᠬᠤ ︱ ᠭᠤᠤᠷᠰᠤ ᠲᠡᠭᠰᠢᠯᠡᠬᠦ︾ ᠠᠵᠤ ᠦᠢᠯᠡᠰ ᠤᠨ ᠬᠡᠯᠬᠢᠶ᠎ᠡ ᠶᠢᠨ ᠬᠥᠭᠵᠢᠯᠲᠡ ᠶᠢᠨ | ᠵᠠᠭᠪᠤᠷ ᠢ ᠨᠢᠭᠡᠳᠦᠯᠲᠡᠢ ᠲᠥᠯᠥᠪᠯᠡᠨ ᠠᠬᠢᠭᠤᠯᠵᠤ᠂ ᠬᠠᠷᠭᠠᠨ᠎ᠠ ᠪᠠᠷ ᠡᠪᠡᠰᠦ ᠪᠣᠷᠳᠤᠭ᠎ᠠ᠂ ᠠᠮᠢᠳᠤ ᠪᠣᠳᠠᠰ ᠤᠨ ᠮᠠᠰ | ᠲᠦᠯᠡᠰᠢ ᠵᠡᠷᠭᠡ ᠥᠨᠳᠥᠷ ᠨᠡᠮᠡᠯᠲᠡ ᠥᠷᠲᠡᠭᠲᠦ ᠦᠢᠯᠡᠳᠬᠦᠨ ᠪᠣᠯᠭᠠᠨ᠂ ᠦᠢᠯᠡᠳᠪᠦᠷᠢᠯᠡᠵᠦ ᠡᠳ᠋ᠰᠢᠭᠦᠯᠬᠦ ᠪᠠ ᠵᠠᠬ᠎ᠠ | ᠳᠡᠯᠭᠡᠭᠦᠷ ᠤᠨ ᠪᠣᠷᠤᠯᠠᠭᠤᠯᠭ᠎ᠠ ᠶᠢ ᠨᠢᠭᠡ ᠴᠣᠭᠴᠠᠵᠢᠭᠤᠯᠤᠭᠰᠠᠨ ᠬᠠᠷᠭᠠᠨ᠎ᠠ ᠶᠢᠨ ᠠᠵᠤ ᠦᠢᠯᠡᠰ ᠤᠨ ᠡᠳ᠋ᠰᠢᠭᠦᠯᠬᠦ | ᠰᠢᠰᠲ᠋ᠧᠮᠵᠢ ᠶᠢ ᠪᠠᠶᠢᠭᠤᠯᠵᠤ᠂ ᠵᠢᠯ ᠳᠤ ᠬᠠᠷᠭᠠᠨ᠎ᠠ ᠶᠢᠨ ᠡᠪᠡᠰᠦᠨ ᠨᠤᠨᠳᠠᠭ ᠤᠨ ᠮᠥᠬᠦᠯᠢᠭ 5 ᠲᠦᠮᠡᠨ ᠲᠣᠨ ᠳᠤ | ᠬᠦᠷᠦᠭᠦᠯᠪᠡ᠃ | | | | | | ᠬᠠᠷᠭᠠᠨ᠎ᠠ ᠶᠢᠨ ᠮᠣᠳᠣ ᠶᠢ 3 ᠠᠴᠠ 4 ᠵᠢᠯ ᠳᠤ ᠨᠢᠭᠡ ᠤᠳᠠᠭ᠎ᠠ ᠲᠡᠭᠰᠢᠯᠡᠨ ᠲᠠᠷᠢᠵᠦ᠂ ᠤᠷᠭᠤᠮᠠᠯ ᠤᠨ ᠰᠠᠶᠢᠵᠢᠷᠠᠯᠲᠠ ᠶᠢ | ᠠᠬᠢᠭᠤᠯᠵᠤ᠂ ᠤᠢ ᠰᠢᠭᠤᠢ ᠶᠢ ᠮᠠᠭᠤᠳᠠᠭᠤᠯᠵᠤ᠂ ᠪᠤᠳᠠ ᠮᠣᠳᠣᠨ ᠤ ᠡᠬᠢ ᠪᠠᠶᠠᠯᠢᠭ ᠢ ᠪᠦᠷᠢᠯᠭᠡᠬᠦ ᠠᠴᠠ ᠰᠡᠷᠭᠡᠶᠢᠯᠡᠨ᠎ᠡ᠃ | ᠬᠠᠷᠭᠠᠨ᠎ᠠ ᠶᠢᠨ ᠡᠬᠢ ᠪᠠᠶᠠᠯᠢᠭ ᠢ ᠡᠭᠦᠷᠢᠳᠡ ᠦᠷᠭᠦᠯᠵᠢᠯᠡᠨ ᠠᠰᠢᠭᠯᠠᠬᠤ ᠶᠢᠨ ᠲᠥᠯᠥᠭᠡ᠂ 2017 ᠣᠨ ᠠᠴᠠ ᠡᠬᠢᠯᠡᠨ᠂ | ᠹᠧᠩᠵᠧᠨ ᠬᠤᠳᠠ ᠶᠢᠨ ᠬᠢᠨ ᠲᠥᠯᠥᠪᠯᠡᠭᠡ ᠲᠠᠢ ᠪᠠᠷ ᠤᠳᠤ ᠪᠠᠶᠢᠭ᠎ᠠ ᠬᠠᠷᠭᠠᠨ᠎ᠠ ᠶᠢ ᠨᠡᠶᠢᠳᠡ 19.51 ᠲᠦᠮᠡᠨ ᠮᠦ | ᠲᠡᠭᠰᠢᠯᠡᠪᠡ᠃ 2024 ᠣᠨ ᠳᠤ᠂ ᠪᠥᠬᠦ ᠬᠤᠲᠠ ᠶᠢᠨ 4 ᠲᠦᠮᠡᠨ ᠮᠦ ᠬᠠᠪᠲᠠᠭᠠᠢ ᠭᠤᠤᠷᠰᠤᠲᠤ ᠰᠥᠭᠡᠭ ᠮᠣᠳᠣᠨ ᠤ | ᠣᠶ ᠶᠢ ᠲᠡᠭᠰᠢᠯᠡᠬᠦ ᠪᠠᠷ ᠲᠦᠯᠦᠪᠯᠡᠵᠦ᠂ ᠰᠢᠨᠵᠢᠯᠡᠬᠦ ᠤᠬᠠᠭᠠᠨᠴᠢ ᠡᠮᠬᠢ ᠵᠢᠷᠤᠮ ᠲᠠᠢ ᠪᠠᠷ ᠲᠡᠭᠰᠢ ᠭᠤᠤᠷᠰᠤᠲᠤ ᠮᠣᠳᠣᠨ ᠤ | ᠲᠠᠯᠠᠪᠠᠶ ᠶᠢ ᠲᠣᠭᠲᠠᠭᠤᠨ ᠢᠶᠠᠷ ᠳᠡᠭᠡᠭᠰᠢᠯᠡᠭᠦᠯᠵᠦ᠂ ᠪᠠᠰᠠ ᠠᠮᠢ ᠠᠬᠤᠢ ᠶᠢᠨ ᠲᠡᠵᠢᠭᠡᠨ ᠦᠷᠡᠵᠢᠭᠦᠯᠬᠦ ᠠᠵᠤ ᠦᠢᠯᠡᠰ ᠤᠨ | ᠬᠥᠭᠵᠢᠯᠲᠡ ᠶᠢ ᠲᠦᠯᠬᠢᠨ ᠠᠬᠢᠭᠤᠯᠪᠠ᠃ | | ᠬᠠᠷᠭᠠᠨ᠎ᠠ ᠶᠢᠨ ᠠᠵᠤ ᠦᠢᠯᠡᠰ ᠤᠨ ᠲᠠᠰᠤᠷᠠᠯᠲᠠ ᠦᠭᠡᠢ ᠪᠤᠵᠠᠭᠠᠶᠢᠷᠠᠬᠤ ᠶᠢ ᠳᠠᠭᠠᠯᠳᠤᠨ᠂ ᠹᠧᠩᠵᠧᠨ ᠬᠤᠲᠠ ᠶᠢᠨ | ᠬᠢᠨ ᠤᠮᠠᠷᠠᠲᠤ ᠶᠢᠨ ᠴᠢᠬᠤᠯᠠ ᠠᠮᠢ ᠠᠬᠤᠢ ᠶᠢᠨ ᠠᠮᠤᠷ ᠲᠦᠪᠰᠢᠨ ᠤ ᠬᠠᠯᠬᠠᠪᠴᠢ ᠶᠢ ᠪᠠᠬᠢᠵᠢᠭᠦᠯᠬᠦ ᠶᠢᠨ ᠬᠠᠮᠲᠤ ᠪᠣᠬᠢᠷᠲᠤᠯ | ᠦᠭᠡᠢ ᠬᠥᠭᠵᠢᠯᠲᠡ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠳᠤ ᠥᠷᠭᠡᠨ ᠠᠭᠤᠳᠠᠮ ᠠᠯᠤᠰ ᠢᠷᠡᠭᠡᠳᠦᠢ ᠶᠢ | ᠨᠡᠭᠡᠭᠡᠵᠦ᠂ ᠠᠮᠢ ᠠᠬᠤᠢ ᠰᠠᠶᠢᠬᠠᠨ᠂ ᠠᠵᠤ ᠦᠢᠯᠡᠰ ᠬᠥᠭᠵᠢᠭᠰᠡᠨ᠂ ᠠᠷᠠᠳ ᠤᠯᠠᠨ ᠪᠠᠶᠠᠵᠢᠭᠰᠠᠨ ᠰᠠᠶᠢᠨ ᠰᠠᠶᠢᠬᠠᠨ | ᠵᠢᠷᠤᠭ ᠶᠠᠭ ᠡᠨᠡᠬᠦ ᠨᠤᠲᠤᠭ ᠳᠡᠪᠢᠰᠬᠡᠷ ᠳᠡᠭᠡᠷ᠎ᠡ ᠳᠡᠯᠭᠡᠭᠳᠡᠵᠦ ᠪᠠᠶᠢᠨ᠎ᠠ᠃ | | | | | ᠵᠣᠬᠢᠶᠠᠭᠴᠢ᠄ ᠶᠠᠨ ᠰᠢᠶᠠ ᠹᠧᠢ | ᠨᠠᠶᠢᠷᠠᠭᠤᠯᠤᠭᠴᠢ᠄ ᠯᠢ ᠰᠧ ᠬᠤᠢ | ᠬᠢᠨᠠᠨ ᠬᠠᠷᠭᠤᠭᠤᠯᠤᠭᠴᠢ᠄ ᠶᠠᠨ ᠬᠤᠸᠠᠢ ᡁᠢ | ᠤᠷᠴᠢᠭᠤᠯᠤᠭᠴᠢ᠄ ᠬᠠᠨ ᠰᠢᠶᠤᠤ ᠿᠦᠩ | ᠬᠢᠨᠠᠭᠴᠢ᠄ ᠼᠦᠢ ᠶᠢᠩ | |