ᠴᠠᠰᠤ ᠡᠪᠦᠯ ᠤᠨ ᠡᠬᠢᠨ ᠢ ᠲᠤᠰᠬᠠᠵᠤ ᠮᠥᠩᠭᠦᠨ ᠴᠠᠭᠠᠨ ᠥᠩᠭᠡ ᠪᠠᠷ ᠭᠠᠳᠠᠷᠯᠠᠪᠠ︱ ︱ ᠮᠠᠨ ᠤ ᠬᠤᠲᠠ ᠵᠢᠨ‌ᠡᠪᠦᠯ ᠤᠨ ᠠᠩᠬᠠᠳᠠᠭᠴᠢ ᠴᠠᠰᠤ ᠨᠠᠮ ᠰᠠᠶᠢᠬᠠᠨ ᠰᠠᠭᠠᠳᠤᠪᠠ
ᠨᠡᠶᠢᠲᠡᠯᠡᠭᠰᠡᠨ ᠴᠠᠭ᠄
2024/11/28
     11 ᠰᠠᠷ᠎ᠠ ᠶᠢᠨ 24 ᠤ ᠡᠳᠦᠷ ᠤᠨ ᠣᠷᠣᠢ᠂ ᠮᠠᠨ ᠤ ᠬᠤᠲᠠ ᠶᠢᠨ ᠬᠢᠨ ᠡᠨᠡ ᠵᠢᠯ ᠤᠨ ᠡᠪᠦᠯ ᠠᠴᠠ  ᠨᠠᠭᠠᠰᠢᠬᠢ ᠠᠩᠬᠠᠨ ᠤ ᠴᠠᠰᠤ ᠪᠠᠨ ᠤᠭᠲᠤᠨ ᠠᠪᠤᠯ᠎ᠠ᠃
    ᠬᠤᠶᠠᠳᠤᠭᠠᠷ ᠡᠳᠦᠷ ᠤᠨ ᠥᠷᠯᠥᠭᠡ᠂ ᠡᠪᠦᠯ ᠤᠨ ᠬᠦᠢᠲᠡᠨ ᠠᠭᠤᠷ ᠠᠮᠢᠰᠬᠤᠯ ᠢᠶᠠᠷ ᠳᠦᠭᠦᠷᠴᠦ᠂ ᠰᠠᠭᠤᠭᠠᠯᠢ ᠠᠷᠠᠳ ᠴᠡᠴᠡᠷᠯᠢᠭ ᠢᠶᠠᠷ ᠠᠯᠬᠤᠯᠠᠵᠤ᠂ ᠡᠨᠡᠬᠦ ᠨᠠᠮ ᠰᠡᠯᠡᠭᠦᠨ ᠪᠠ ᠰᠠᠶᠢᠨ ᠰᠠᠶᠢᠬᠠᠨ ᠴᠠᠰᠤᠨ ᠦᠵᠡᠮᠵᠢ ᠶᠢᠨ ᠳᠤᠮᠳᠠ ᠰᠡᠳᠬᠢᠯ ᠰᠤᠭᠲᠤᠷᠠᠵᠤ᠂ ᠤᠢ ᠮᠣᠳᠣ᠂ ᠡᠪᠡᠰᠦ ᠮᠣᠳᠣ ᠳᠠᠪᠬᠤᠷ ᠳᠠᠪᠬᠤᠷ ᠴᠠᠰᠤᠨ ᠳᠤ ᠬᠤᠴᠢᠭᠳᠠᠵᠤ᠂ ᠶᠠᠭ ᠯᠠ ᠪᠠᠶᠠᠷ ᠤᠨ ᠡᠳᠦᠷ ᠤᠨ ᠭᠤᠶᠣᠯᠠᠯ ᠤᠨ ᠬᠤᠪᠴᠠᠰᠤ ᠶᠢ ᠡᠮᠦᠰᠦᠭᠰᠡᠨ ᠮᠡᠲᠦ ᠪᠣᠯᠵᠤ᠂ ᠡᠪᠦᠯ ᠤᠨ ᠡᠳᠦᠷ ᠤᠨ ᠠᠮᠢᠳᠤᠯᠢᠭ ᠰᠠᠶᠢᠬᠠᠨ ᠵᠢᠷᠤᠭ ᠤᠳ ᠢ ᠬᠠᠷᠠᠵᠤ᠂ ᠭᠡᠷᠡᠯ ᠵᠢᠷᠤᠭ ᠲᠠᠲᠠᠬᠤ ᠪᠠᠭ᠋ᠠᠲᠠᠳ ᠡᠨᠡᠬᠦ ᠬᠤᠷᠣᠮᠬᠠᠨ ᠵᠠᠭᠤᠷ᠎ᠠ ᠲᠦᠮᠡᠨ ᠬᠤᠪᠢᠷᠠᠯᠲᠠ ᠲᠠᠢ ᠰᠠᠶᠢᠬᠠᠨ ᠦᠵᠡᠮᠵᠢ ᠶᠢ ᠰᠡᠭᠦᠳᠡᠷᠯᠡᠨ᠎ᠡ᠃
   ᠡᠭᠦᠨ ᠤ ᠵᠡᠷᠭᠡ ᠳᠤ ᠥᠷᠭᠡᠨ ᠣᠯᠠᠨ ᠰᠠᠭᠤᠭᠠᠯᠢ ᠠᠷᠠᠳ ᠰᠡᠷᠡᠮᠵᠢᠯᠡᠬᠦ ᠠᠷᠭ᠎ᠠ ᠬᠡᠮᠵᠢᠶ᠎ᠡ ᠶᠢ ᠰᠠᠶᠢᠲᠤᠷ ᠠᠪᠴᠤ᠂ ᠴᠠᠭ ᠲᠤᠬᠠᠢ ᠳᠤᠨᠢ ᠬᠤᠪᠴᠠᠰᠤ ᠬᠤᠨᠠᠷ ᠢᠶᠠᠨ ᠨᠡᠮᠡᠨ ᠳᠤᠯᠠᠭᠠᠯᠠᠵᠤ᠂ ᠭᠠᠳᠠᠭᠰᠢ ᠭᠠᠷᠬᠤ ᠶᠢᠨ ᠠᠮᠤᠷ ᠲᠦᠪᠰᠢᠨ ᠢ ᠠᠩᠬᠠᠷᠬᠤ ᠶᠢ ᠰᠠᠨᠠᠭᠤᠯᠵᠤ ᠪᠠᠶᠢᠨ᠎ᠠ᠃         ᠵᠣᠬᠢᠶᠠᠭᠴᠢ᠄ ᠭᠦᠸᠧ ᠬᠤᠶ ᠮᠢᠨ  ᠶᠠᠨ ᠰᠢᠶᠠ ᠹᠧᠢ         ᠨᠠᠶᠢᠷᠠᠭᠤᠯᠤᠭᠴᠢ᠄ ᠯᠢ ᠰᠧ ᠬᠤᠢ         ᠬᠢᠨᠠᠨ ᠬᠠᠷᠭᠤᠭᠤᠯᠤᠭᠴᠢ᠄ ᠶᠠᠨ ᠬᠤᠸᠠᠢ ᡁᠢ         ᠤᠷᠴᠢᠭᠤᠯᠤᠭᠴᠢ᠄ ᠬᠠᠨ ᠰᠢᠶᠤᠤ ᠿᠦᠩ         ᠬᠢᠨᠠᠭᠴᠢ᠄ ᠼᠦᠢ ᠶᠢᠩ
 
ᠢᠷᠡᠯᠲᠡ᠄ ᠠᠮᠢᠵᠢᠷᠠᠯ ᠪᠢᠯᠬᠠᠭᠰᠠᠨ ᠹᠧᠩᠵᠧᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000072号-3