| ᠼᠤᠤ ᠪᠤᠯ ᠬᠤᠭᠤᠯᠠ ᠨᠤᠭᠤᠭᠠᠨ ᠤ ᠠᠮᠳᠠ ᠳᠤᠬᠢᠷᠠᠭᠤᠯᠬᠤ ᠰᠠᠶᠢᠨ ᠡᠳ᠋ ᠪᠤᠯᠬᠤ ᠪᠠᠷ ᠪᠠᠷᠠᠬᠤ ᠦᠬᠡᠢ ᠪᠠᠰᠠ | ᠤᠯᠠᠨ ᠵᠦᠢᠯ ᠤᠨ ᠪᠤᠰᠤᠳ ᠤᠢᠢᠯᠡᠳᠤᠯ ᠲᠠᠢ ᠪᠠᠶᠢᠳᠠᠭ᠃ | ᠮᠠᠷᠢᠶ᠎ᠠ ᠰᠢᠭᠤᠷᠠᠭᠤᠯᠬᠤ ᠤᠢᠢᠯᠡᠳᠤᠯ ᠲᠠᠢ ᠪᠠᠶᠢᠳᠠᠭ᠃ ᠬᠠᠮᠢᠶ᠎ᠠ ᠪᠦᠬᠦᠢ ᠮᠡᠷᠬᠡᠵᠢᠯᠳᠡᠳ ᠠᠴᠠ ᠮᠠᠷᠢᠶ᠎ᠠ | ᠰᠢᠭᠤᠷᠠᠭᠤᠯᠤᠭᠴᠢᠳ ᠢ ᠼᠤᠤ ᠢᠯᠡᠬᠦᠬᠡᠨ ᠢᠳᠡᠬᠡᠷᠡᠢ ᠬᠡᠵᠤ ᠰᠠᠨᠠᠭᠤᠯᠵᠤ ᠪᠠᠶᠢᠨ᠎ᠠ᠃ ᠼᠤᠤ ᠢᠳᠡᠬᠦ ᠬᠠᠮᠤᠭ ᠰᠠᠶᠢᠨ | ᠠᠷᠭ᠎ᠠ ᠪᠤᠯ ᠴᠠᠭ ᠤᠨ ᠬᠤᠭᠤᠯᠠᠨ ᠳᠤ ᠪᠠᠨ ᠬᠠᠪᠰᠤᠷᠭᠠᠨ ᠢᠳᠡᠨ᠎ᠠ᠃ ᠼᠤᠤ ᠳᠤᠳᠤᠷ᠎ᠠ ᠠᠮᠢᠨᠤ᠋ ᠬᠦᠴᠢᠯ ᠠᠭᠤᠯᠵᠤ | ᠪᠠᠶᠢᠳᠠᠭ᠂ ᠳᠠᠷᠠ ᠨᠢ ᠪᠡᠶ᠎ᠠ ᠳᠠᠬᠢ ᠢᠯᠡᠬᠦᠴᠠ ᠦᠬᠡᠬᠦ ᠶᠢ ᠵᠠᠳᠠᠷᠠᠭᠤᠯᠤᠭᠠᠳ ᠳᠠᠮᠢᠷ ᠬᠦᠴᠤ ᠪᠤᠯᠭᠠᠨ ᠤᠯᠠᠷᠢᠭᠤᠯᠤᠨ᠎ᠠ | ︔ ᠪᠠᠰᠠ ᠪᠡᠶ᠎ᠠ ᠳᠤ ᠰᠢᠩᠬᠡᠬᠡᠨ ᠠᠪᠤᠭᠰᠠᠨ ᠰᠢᠬᠢᠷ ᠪᠤᠯᠤᠨ ᠤᠭᠤᠷᠠᠭ ᠤᠨ ᠰᠢᠨ᠎ᠠ ᠬᠠᠭᠤᠴᠢᠨ ᠤ ᠰᠤᠯᠢᠯᠴᠠᠭ᠎ᠠ ᠶᠢᠨ | ᠤᠷᠤᠭᠰᠢᠳᠠᠢ ᠶᠠᠪᠤᠭᠳᠠᠬᠤ ᠶᠢ ᠠᠬᠢᠭᠤᠯᠵᠤ᠂ ᠢᠯᠡᠬᠦᠴᠠ ᠡᠨᠧᠷᠬᠢ ᠶᠢ ᠵᠠᠳᠠᠷᠠᠭᠤᠯᠵᠤ ᠳᠠᠷᠬᠠᠭᠠᠳᠠᠭ ᠠᠴᠠ ᠮᠠᠷᠢᠶ᠎ᠠ | ᠰᠢᠭᠤᠷᠠᠭᠤᠯᠬᠤ ᠤᠢᠢᠯᠡᠳᠤᠯ ᠭᠠᠷᠭᠠᠨ᠎ᠠ᠃ | ᠬᠦᠯ ᠤᠨ ᠢᠯᠢᠳᠤ ᠶᠢ ᠵᠠᠰᠠᠨ᠎ᠠ᠃ ᠶᠠᠫᠤᠨ ᠤ ᠰᠤᠳᠤᠯᠭᠠᠳᠠᠳ ᠴᠠᠭᠠᠨ ᠢᠯᠢᠳᠤ ᠶᠢᠨ ᠮᠦᠬᠦᠨᠴᠢᠷ ᠢ ᠼᠤᠤ ᠶᠢᠨ | ᠰᠢᠩᠬᠡᠨ ᠳᠤᠳᠤᠷ᠎ᠠ ᠬᠢᠬᠡᠳ 20 ᠮᠢᠨᠦ᠋ᠲ ᠪᠤᠯᠪᠠᠯ ᠳᠠᠷᠤᠢ ᠦᠬᠦᠵᠤ ᠤᠰᠠᠳᠬᠤ ᠶᠢ ᠤᠯᠠᠨ ᠳᠠᠬᠢᠨ | ᠳᠤᠷᠰᠢᠯᠳᠠ ᠠᠴᠠ ᠮᠡᠳᠡᠭᠰᠡᠨ ᠪᠠᠶᠢᠨ᠎ᠠ᠂ ᠵᠦᠪᠬᠡᠨ 1% ᠶᠢᠨ ᠦᠳᠬᠡᠴᠠ ᠲᠠᠢ ᠰᠢᠩᠬᠡᠨ ᠼᠤᠤ ᠳᠤᠳᠤᠷ᠎ᠠ ᠴᠤ | ᠬᠡᠰᠡᠨ ᠴᠠᠭᠠᠨ ᠢᠯᠢᠳᠤ ᠶᠢᠨ ᠮᠦᠬᠦᠨᠴᠢᠷ ᠠᠮᠢᠳᠤᠷᠠᠨ ᠦᠷᠡᠵᠢᠵᠤ ᠴᠢᠳᠠᠬᠤ ᠦᠬᠡᠢ᠃ ᠡᠶᠢᠮᠤ ᠠᠴᠠ ᠼᠤᠤ ᠲᠠᠢ | ᠪᠦᠯᠢᠶᠡᠨ ᠤᠰᠤᠨ ᠳᠤᠳᠤᠷ᠎ᠠ ᠢᠯᠢᠳᠤ ᠭᠠᠷᠤᠭᠰᠠᠨ ᠬᠦᠯ ᠢᠶᠠᠨ ᠳᠡᠪᠳᠤᠬᠡᠵᠤ ᠤᠬᠢᠶᠠᠪᠠᠯ ᠡᠮᠴᠢᠯᠡᠬᠡᠨ ᠤ ᠳᠤᠰᠠ ᠨᠢ | ᠮᠡᠳᠡᠭᠳᠡᠮ᠎ᠠ ᠪᠠᠶᠢᠳᠠᠭ ᠶᠤᠮ᠃ | ᠠᠷᠠᠰᠤᠨ ᠱᠠᠬᠠᠢ ᠶᠢ ᠬᠦᠯᠢᠬᠡᠷ ᠪᠤᠯᠭᠠᠳᠠᠭ᠃ ᠠᠷᠠᠰᠤᠨ ᠱᠠᠬᠠᠢ ᠶᠢ ᠳᠤᠰᠤᠯᠠᠬᠤ ᠠᠴᠠ ᠡᠮᠤᠨ᠎ᠠ ᠱᠠᠬᠠᠢ ᠶᠢᠨ | ᠳᠤᠰᠤᠨ ᠳᠤᠳᠤᠷ᠎ᠠ ᠪᠠᠨ ᠼᠤᠤ ᠬᠡᠳᠤ ᠳᠤᠰᠤᠭᠠᠨ ᠵᠢᠭᠤᠷᠠᠵᠤ᠂ ᠼᠤᠤ ᠲᠠᠢ ᠱᠠᠬᠠᠢ ᠶᠢᠨ ᠳᠤᠰᠤ ᠪᠠᠷ ᠠᠷᠠᠰᠤᠨ | ᠱᠠᠬᠠᠢ ᠪᠠᠨ ᠵᠦᠯᠬᠦᠪᠠᠯ ᠤᠨᠴᠠ ᠭᠦᠯᠢᠭᠡᠷ ᠪᠤᠯᠳᠠᠭ᠃ | ᠳᠠᠮᠠᠬᠢᠨ ᠤᠳᠤᠭ᠎ᠠ ᠶᠢ ᠠᠷᠢᠯᠭᠠᠳᠠᠭ᠃ ᠳᠠᠮᠠᠬᠢ ᠶᠢᠨ ᠤᠳᠤᠭ᠎ᠠ ᠦᠷᠤᠬᠡ ᠳᠦᠬᠦᠷᠡᠩ ᠪᠤᠯᠪᠠᠯ᠂ ᠼᠤᠤ ᠲᠠᠢ | ᠤᠰᠤ ᠶᠢ ᠦᠷᠦᠬᠡᠨ ᠳᠤ ᠰᠦᠷᠴᠢᠬᠦ ᠨᠢ ᠤᠳᠤᠭᠠᠨ ᠤ ᠦᠨᠤᠷ ᠢ ᠠᠷᠢᠯᠭᠠᠬᠤ ᠤᠢᠢᠯᠡᠳᠤᠯ ᠲᠠᠢ ᠪᠠᠶᠢᠳᠠᠭ᠃ | | | ᠪᠡᠯᠡᠳᠭᠡᠭᠰᠡᠨ ᠨᠢ᠄ ᠼᠦᠢ ᠶᠢᠩ | ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ |