| ᠡᠪᠡᠳᠬᠦ ᠢᠯᠡᠷᠡᠯ ᠰᠢᠨᠵᠢ ᠦᠭᠡᠢ ᠠᠮᠠᠨ ᠬᠥᠨᠳᠡᠶ ᠶᠢᠨ ᠰᠢᠷᠬᠠᠯᠠᠭ᠎ᠠ ᠶᠢ ᠨᠠᠩ ᠰᠡᠷᠡᠮᠵᠢᠯᠡᠬᠦ ᠬᠡᠷᠡᠭᠲᠡᠶ | 68 ᠨᠠᠰᠤᠲᠠᠶ ᠸᠠᠩ ᠨᠠᠰᠤᠳᠠᠨ ᠤ ᠬᠡᠯᠡᠨ ᠤ ᠤᠭ ᠤᠨ ᠵᠡᠬᠦᠨ ᠲᠠᠯ᠎ᠠ ᠳᠤᠨᠢ ᠮᠠᠨ ᠤ ᠠᠮᠢᠳᠤᠷᠠᠯ ᠳᠤ | ᠦᠷᠭᠦᠯᠵᠢ ᠲᠣᠬᠢᠶᠠᠯᠳᠤᠳᠠᠭ ᠠᠮᠠᠨ ᠤ ᠬᠥᠨᠳᠡᠶ ᠶᠢᠨ ᠰᠢᠷᠬᠠᠯᠠᠭ᠎ᠠ ᠲᠠᠢ ᠠᠳᠠᠯᠢ ᠦᠭᠡᠢ ᠨᠢᠭᠡᠨ ᠰᠢᠷᠬᠠᠯᠠᠭ᠎ᠠ | ᠭᠠᠷᠤᠬᠰᠠᠨ ᠪᠠᠶᠢᠯ᠎ᠠ᠃ ᠡᠮᠴᠢ ᠠᠴᠠ ᠸᠠᠩ ᠨᠠᠰᠤᠳᠠᠨ ᠳᠤ ᠠᠮᠢᠳᠤ ᠨᠡᠬᠡᠳᠡᠰᠦ ᠶᠢᠨ ᠰᠤᠳᠤᠯᠤᠯ ᠤᠨ ᠪᠠᠶᠢᠴᠠᠭᠠᠯᠳᠠ | ᠬᠢᠭᠰᠡᠨ ᠳᠤ᠂ ᠲᠡᠭᠦᠨ ᠤ ᠬᠡᠯᠡᠨ ᠤ ᠤᠭ ᠤᠨ ᠵᠡᠭᠦᠨ ᠲᠠᠯ᠎ᠠ ᠳᠤᠨᠢ ᠭᠠᠷᠤᠬᠰᠠᠨ ᠰᠢᠷᠬᠠᠯᠠᠭ᠎ᠠ ᠨᠢ ᠨᠢᠭᠡᠨᠲᠡ ︽ᠠᠮᠠᠨ | ᠬᠥᠨᠳᠡᠶ ᠶᠢᠨ ᠬᠠᠶᠢᠷᠰᠤᠯᠢᠭ ᠡᠰ ᠤᠨ ᠥᠮᠡᠨ︾ ᠪᠣᠯᠵᠤ ᠬᠤᠪᠢᠷᠠᠬᠰᠠᠨ ᠬᠡᠳᠡᠭ ᠡᠪᠡᠳᠴᠢᠨ ᠤ ᠵᠦᠢ ᠶᠢᠨ ᠦᠷ᠎ᠡ | ᠳ᠋ᠦᠩ ᠢ ᠤᠯᠵᠡᠢ᠂ ᠥᠭᠡᠷ᠎ᠡ ᠪᠠᠷ ᠬᠡᠯᠡᠪᠡᠯ ᠠᠮᠠᠨ ᠬᠥᠨᠳᠡᠶ ᠵᠢᠨᠥᠮᠡᠨ ᠪᠤᠯᠤᠨ᠎ᠠ᠃ ᠲᠠᠬᠢᠬᠤ ᠴᠢᠨᠠᠷᠲᠠᠢ ᠠᠮᠠᠨ ᠤ | ᠬᠥᠨᠳᠡᠢ ᠶᠢᠨ ᠰᠢᠷᠬᠠᠯᠠᠭ᠎ᠠ ᠪᠤᠯ ︽ᠰᠢᠷ᠎ᠠ᠂ ᠤᠯᠠᠭᠠᠨ᠂ ᠬᠤᠲᠣᠭᠤᠷ᠂ ᠡᠪᠡᠷᠰᠢᠶᠡᠯ︾ ᠲᠠᠢ ᠪᠠᠶᠢᠳᠠᠭ ᠨᠡᠶᠢᠲᠡᠯᠢᠭ | ᠢᠯᠡᠷᠡᠯ ᠰᠢᠨᠵᠢ ᠲᠠᠢ ᠶᠤᠮ᠃ ᠲᠤᠬᠠᠶᠢᠯᠠᠪᠠᠯ ᠰᠢᠷᠬᠠᠯᠠᠭ᠎ᠠ ᠶᠢᠨ ᠭᠠᠳᠠᠷᠭᠤ ᠳᠡᠭᠡᠷ᠎ᠡ ᠰᠢᠷᠠᠥᠩᠭᠡ ᠲᠠᠢ | ᠪᠦᠷᠬᠦᠪᠴᠢ ᠲᠠᠢ᠂ ᠡᠷᠭᠢᠨ ᠲᠣᠭᠤᠷᠢᠨ ᠳᠤᠨᠢ ᠤᠯᠠᠭᠠᠨ ᠥᠩᠭᠡ ᠶᠢᠨ ᠴᠠᠭᠠᠷᠢᠭ ᠲᠠᠢ᠂ ᠭᠤᠤᠯ ᠨᠢ ᠬᠤᠲᠦ᠋ᠢᠭ᠌ᠰᠠᠨᠪᠠ | ᠡᠪᠡᠳᠬᠦ ᠨᠢ ᠢᠯᠡᠷᠬᠡᠢ ᠪᠠᠶᠢᠵᠤ᠂ ᠶᠡᠷᠦᠳᠡᠭᠡᠨ ᠠᠷᠪᠠ ᠠᠴᠠ ᠠᠷᠪᠠᠨ ᠳᠥᠷᠪᠡᠨ ᠡᠳᠦᠷ ᠲᠤ ᠥᠪᠡᠰᠦᠪᠡᠨ | ᠡᠳᠡᠭᠡᠷᠡᠳᠡᠭ᠃ ᠭᠡᠲᠡᠯ᠎ᠡ ᠸᠠᠩ ᠨᠠᠰᠤᠳᠠᠨ ᠤ ᠠᠮᠠᠨ ᠬᠥᠨᠳᠡᠢ ᠶᠢᠨ ᠰᠢᠷᠬᠠᠯᠠᠭ᠎ᠠ ᠨᠢ ᠬᠡᠯᠡᠨ ᠤ ᠤᠭ ᠤᠨ ᠵᠡᠬᠦᠨ | ᠲᠠᠯ᠎ᠠ ᠳᠠᠬᠢ ᠰᠢᠳᠦᠨ ᠤ ᠤᠭ ᠢᠯᠵᠢᠷᠡᠬᠰᠡᠨ ᠠᠴᠠ ᠪᠤᠯᠵᠤ ᠤᠳᠠᠭᠠᠨ ᠬᠤᠭᠤᠴᠠᠭ᠎ᠠ ᠪᠠᠷ ᠰᠡᠳᠦᠯᠲᠡ | ᠦᠭᠭᠦᠭᠰᠡᠨ ᠠᠴᠠ ᠪᠣᠯᠤᠭᠰᠠᠨ ᠶᠤᠮ᠃ ᠡᠶᠢᠮᠦ ᠰᠢᠷᠬᠠᠯᠠᠭ᠎ᠠ ᠨᠢ ᠡᠬᠢᠨ ᠤ ᠦᠶ᠎ᠡ ᠳᠤ ᠣᠯᠠᠩᠬᠢ ᠳᠠᠭᠠᠨ ᠭᠠᠳᠠᠷ | ᠬᠡᠯᠪᠡᠷᠢ ᠨᠢ ᠡᠮᠬᠢ ᠵᠠᠮᠪᠠᠷᠠᠭ᠎ᠠ ᠦᠭᠡᠢ᠂ ᠡᠷᠭᠢᠨ ᠲᠣᠭᠤᠷᠢᠨ ᠨᠢ ᠴᠠᠶᠢᠵᠤ᠂ ᠡᠪᠡᠳᠬᠦ ᠨᠢ ᠢᠯᠡᠷᠬᠡᠶ ᠦᠭᠡᠢ ᠪᠠᠶᠢᠳᠠᠭ᠃ | ᠢᠯᠵᠢᠷᠡᠭᠰᠡᠨ ᠰᠢᠳᠦᠨ ᠤ ᠤᠭ ᠢ ᠴᠠᠭ ᠲᠤᠬᠠᠶ ᠳᠤᠨᠢ ᠠᠪᠴᠤ ᠬᠠᠶᠠᠭᠰᠠᠨᠥᠬᠡᠶ᠂ ᠬᠡᠯᠡᠨ ᠤ ᠤᠭ ᠲᠤ ᠪᠠᠶᠢᠨ | ᠳᠠᠬᠢᠨ ᠰᠡᠳᠡᠯᠲᠡ ᠥᠭᠭᠦᠭᠰᠡᠨ ᠠᠴᠠ ᠪᠤᠯᠵᠤ ᠰᠢᠷᠬᠠᠯᠠᠭ᠎ᠠ ᠨᠢ ᠥᠮᠡᠨ ᠪᠤᠯᠵᠤ ᠬᠤᠪᠢᠷᠠᠳᠠᠭ᠃ ᠰᠢᠷᠬᠠᠯᠠᠭ᠎ᠠ ᠨᠢ | ᠭᠦᠨ ᠪᠣᠯᠵᠤ ᠶᠡᠬᠡᠳᠡᠬᠦ ᠲᠤᠰᠤᠮ ᠢᠶᠠᠨ ᠥᠪᠡᠷ ᠢᠶᠠᠷ ᠡᠳᠡᠭᠡᠷᠡᠬᠦ ᠶᠢᠨ ᠠᠷᠭ᠎ᠠ ᠦᠭᠡᠢ ᠪᠣᠯᠳᠠᠭ ᠶᠤᠮ᠃ | ᠸᠠᠩ ᠨᠠᠰᠤᠳᠠᠨ ᠲᠠᠢ ᠠᠳᠠᠯᠢᠪᠳᠤᠷ ᠡᠪᠡᠳᠴᠢᠨ ᠲᠠᠢ ᠬᠦᠮᠦᠰ ᠠᠮᠠᠨ ᠬᠥᠨᠳᠡᠶ ᠶᠢᠨ ᠰᠠᠯᠢᠰᠤᠲᠤ | ᠪᠦᠷᠬᠦᠪᠴᠢ ᠵᠢᠨᠰᠠᠯᠠᠭᠠᠨ ᠤ ᠡᠬᠦᠳᠡᠨ ᠡᠮᠨᠡᠯᠭᠡ ᠳᠤ ᠵᠥᠩᠳᠡᠭᠡᠨ ᠡᠪᠡᠳᠴᠢᠨ ᠢᠶᠠᠨ ᠦᠵᠡᠬᠦᠯᠵᠦ ᠪᠤᠢ᠂ ᠲᠡᠳᠡᠨ ᠤ | ᠣᠯᠠᠩᠬᠢ ᠨᠢ ᠠᠮᠠᠨ ᠬᠥᠨᠳᠡᠢ ᠶᠢᠨ ᠰᠠᠯᠢᠰᠤᠲᠤ ᠪᠦᠷᠬᠦᠪᠴᠢ ᠶᠢᠨ ᠡᠪᠡᠳᠴᠢᠨ ᠤ ᠲᠤᠬᠠᠢ ᠲᠠᠨᠢᠯᠲᠠ ᠪᠠᠷ ᠲᠤᠳᠠᠮᠠᠭ | ᠪᠤᠶᠤ ᠡᠪᠡᠳᠴᠢᠨ ᠢᠶᠠᠨ ᠬᠦᠨᠳᠦᠳᠭᠡᠨ ᠦᠵᠡᠬᠦ ᠪᠠᠷ ᠬᠦᠷᠦᠯᠴᠡᠭᠦ ᠦᠭᠡᠢ ᠠᠴᠠ ᠪᠤᠯᠵᠤ ᠡᠪᠡᠳᠴᠢᠨ ᠢᠶᠠᠨ ᠡᠮᠨᠡᠬᠦᠯᠦᠨ | ᠵᠠᠰᠠᠭᠤᠯᠬᠤ ᠬᠠᠮᠤᠭ ᠰᠠᠶᠢᠨ ᠴᠠᠭ ᠲᠣᠬᠢᠶᠠᠯ ᠢ ᠠᠯᠲᠠᠵᠦ ᠶᠠᠪᠤᠭᠤᠯᠵᠠᠢ᠃ | ᠨᠠᠰᠤᠳᠠᠶᠢᠴᠤᠳ ᠲᠤ ᠠᠮᠠᠨ ᠬᠥᠨᠳᠡᠶ ᠶᠢᠨ ᠰᠠᠯᠢᠰᠤᠲᠤ ᠪᠦᠷᠬᠦᠪᠴᠢ ᠶᠢᠨ ᠡᠪᠡᠳᠴᠢᠨ ᠣᠯᠠᠨ ᠡᠭᠦᠰᠳᠡᠭ᠃ | | ᠠᠮᠠᠨ ᠬᠥᠨᠳᠡᠢ ᠶᠢᠨ ᠰᠠᠯᠢᠰᠤᠲᠤ ᠪᠦᠷᠬᠦᠪᠴᠢ ᠶᠢᠨ ᠡᠪᠡᠳᠴᠢᠨ ᠭᠡᠳᠡᠭ ᠨᠢ ᠤᠷᠤᠭᠤᠯ᠂ ᠬᠠᠴᠠᠷ᠂ ᠬᠡᠯᠡ᠂ | ᠪᠤᠶᠢᠯᠠ ᠵᠡᠷᠭᠡ ᠠᠮᠠᠨ ᠬᠥᠨᠳᠡᠢ ᠲᠤᠳᠤᠷᠠᠬᠢ ᠰᠢᠳᠦᠨ ᠠᠴᠠ ᠪᠤᠰᠤᠳ ᠵᠥᠭᠡᠯᠡᠨ ᠨᠡᠬᠡᠳᠡᠰᠦ ᠶᠢᠨ ᠥᠩᠭᠡᠨ ᠲᠠᠯ᠎ᠠ ᠳᠤ | ᠡᠭᠦᠰᠦᠭᠰᠡᠨ ᠡᠪᠡᠳᠴᠢᠨ ᠢ ᠵᠢᠭᠠᠵᠤ ᠪᠠᠶᠢᠨ᠎ᠠ᠃ ᠨᠠᠰᠤᠲᠠᠶᠢᠴᠤᠳ ᠲᠤ ᠡᠨᠡᠬᠦ ᠡᠪᠡᠳᠴᠢᠨ ᠣᠯᠠᠨ ᠡᠭᠦᠰᠳᠡᠭ᠃ | ᠰᠢᠯᠲᠠᠭᠠᠨ ᠢ ᠨᠢ ᠤᠬᠤᠴᠢᠯᠠᠪᠡᠯ᠂ ᠨᠢᠭᠡ ᠲᠠᠯ᠎ᠠ ᠪᠠᠷ ᠨᠠᠰᠤ ᠨᠡᠮᠡᠭᠳᠡᠬᠦ ᠶᠢ ᠲᠠᠭᠠᠯᠳᠤᠨ ᠪᠡᠶ᠎ᠡ ᠮᠠᠬᠠᠪᠣᠳ ᠤᠨ ᠬᠢᠨᠢ | ᠡᠭᠡᠯᠢᠯᠡᠭᠡ ᠶᠢᠨ ᠴᠢᠳᠠᠪᠤᠷᠢ ᠪᠣᠯᠤᠨ ᠠᠮᠠᠨ ᠬᠥᠨᠳᠡᠢ ᠶᠢᠨ ᠰᠠᠯᠢᠰᠤᠲᠤ ᠪᠦᠷᠬᠦᠪᠴᠢ ᠶᠢᠨ ᠡᠳᠡᠭᠡᠷᠡᠬᠦ ᠴᠢᠳᠠᠪᠤᠷᠢ ᠨᠢ | ᠪᠠᠭᠤᠷᠠᠬᠰᠠᠨ ᠠᠴᠠ ᠪᠤᠯᠵᠤ᠂ ᠨᠠᠰᠤᠲᠠᠶᠢᠴᠤᠳ ᠠᠮᠠᠨ ᠬᠥᠨᠳᠡᠢ ᠶᠢᠨ ᠰᠠᠯᠢᠰᠤᠲᠤ ᠪᠦᠷᠬᠦᠪᠴᠢ ᠶᠢᠨ ᠡᠪᠡᠳᠴᠢᠨ | ᠠᠮᠠᠷᠬᠠᠨ ᠤᠯᠳᠠᠭ᠃ ᠨᠥᠭᠦᠭᠡ ᠲᠠᠯ᠎ᠠ ᠪᠠᠷ ᠨᠠᠰᠤᠲᠠᠶᠢᠴᠤᠳ ᠤᠨ ᠠᠮᠠᠨ ᠬᠥᠨᠳᠡᠶ ᠶᠢᠨ ᠣᠷᠴᠢᠨ ᠲᠣᠭᠤᠷᠢᠨ | ᠪᠤᠳᠤᠯᠢᠶᠠᠨᠲᠠᠶ᠂ ᠣᠯᠠᠩᠬᠢ ᠨᠠᠰᠤᠲᠠᠶᠢᠴᠤᠳ ᠤᠨ ᠠᠮᠠᠨ ᠬᠥᠨᠳᠡᠢ ᠳᠤ ᠰᠢᠳᠦᠨ ᠤ ᠦᠯᠡᠳᠡᠭᠳᠡᠯ ᠤᠭ᠂ ᠡᠮᠳᠡᠷᠡᠭᠰᠡᠨ | ᠰᠢᠳᠦ ᠲᠠᠢ ᠪᠠᠶᠢᠵᠤ᠂ ᠠᠮᠠᠨ ᠬᠥᠨᠳᠡᠢ ᠶᠢᠨ ᠡᠷᠡᠭᠦᠯ ᠬᠠᠮᠠᠭᠠᠯᠠᠯ ᠢᠶᠠᠷ ᠠᠨᠠᠢ ᠪᠠᠶᠢᠳᠠᠭ ᠤᠨ ᠲᠡᠭᠡᠷ᠎ᠡ ᠨᠢ ᠡᠮ | ᠬᠡᠷᠡᠭᠯᠡᠬᠦ ᠪᠠᠷ ᠠᠷᠪᠢᠨ᠂ ᠬᠢᠮᠡᠯ ᠰᠢᠳᠦ ᠵᠡᠭᠦᠬᠦ ᠳᠡᠭᠡᠨ ᠠᠷᠢᠭᠤᠨ ᠴᠡᠪᠡᠷ ᠢ ᠡᠷᠬᠢᠮᠯᠡᠬᠦ ᠪᠠᠷ ᠪᠠᠷᠤᠬᠳᠠᠢ᠂ ᠤᠷᠲᠤ | ᠬᠤᠭᠤᠴᠠᠭ᠎ᠠ ᠪᠠᠷ ᠲᠠᠮᠠᠬᠢ ᠲᠠᠲᠠᠵᠤ ᠠᠷᠢᠬᠢ ᠤᠤᠭᠤᠬᠤ ᠵᠡᠷᠭᠡ ᠠᠴᠠ ᠪᠤᠯᠵᠤ ᠠᠮᠠᠨ ᠬᠥᠨᠳᠡᠢ ᠶᠢᠨ ᠰᠠᠯᠢᠰᠤᠲᠤ | ᠪᠦᠷᠬᠦᠪᠴᠢ ᠶᠢᠨ ᠡᠪᠡᠳᠴᠢᠨ ᠠᠮᠠᠷᠬᠠᠨ ᠡᠭᠦᠰᠳᠡᠭ᠃ ᠡᠶᠢᠮᠦ ᠠᠴᠠ ᠨᠠᠰᠤᠲᠠᠶᠢᠴᠤᠳ ᠤᠨ ᠠᠮᠠᠨ ᠬᠥᠨᠳᠡᠶ ᠶᠢᠨ | ᠰᠠᠯᠢᠰᠤᠲᠤ ᠪᠦᠷᠬᠦᠪᠴᠢ ᠶᠢ ᠡᠷᠡᠭᠦᠯ ᠪᠠᠶᠢᠯᠭᠠᠬᠤ ᠶᠢᠨ ᠲᠤᠰᠠᠳᠠ ᠨᠡᠶᠢᠭᠡᠮ ᠨᠡᠶᠢᠳᠡ ᠪᠠᠷ ᠢᠶᠠᠨ ᠨᠠᠩ ᠥᠷᠭᠡᠨ ᠢᠶᠠᠷ | ᠠᠩᠬᠠᠷᠤᠯ ᠢᠶᠠᠨ ᠲᠠᠯᠪᠢᠬᠤ ᠬᠡᠷᠡᠭᠲᠡᠶ᠃ | ᠡᠮᠴᠢ ᠤᠯᠠᠨ ᠳᠤ᠄ ᠬᠡᠷᠪᠡ ᠠᠮᠠᠨ ᠬᠥᠨᠳᠡᠢ ᠳᠣᠲᠣᠷᠠᠬᠢ ᠠᠯᠢ ᠨᠢᠭᠡ ᠭᠠᠵᠠᠷ ᠲᠤ ᠴᠢᠨᠢ ᠰᠢᠷᠬᠠᠯᠠᠭ᠎ᠠ | ᠭᠠᠷᠤᠭᠠᠳ ᠬᠤᠶᠠᠷ ᠭᠠᠷᠠᠭ ᠪᠤᠯᠤᠬᠰᠠᠨ ᠪᠤᠯᠪᠠᠴᠤ ᠶᠡᠷᠦ ᠨᠢ ᠡᠳᠡᠭᠡᠷᠡᠬᠦ ᠦᠭᠡᠢ ᠳᠤ ᠬᠦᠷᠪᠡᠯ᠂ ᠡᠷᠬᠡᠪᠰᠢ ᠰᠣᠨᠣᠷ | ᠰᠡᠷᠡᠮᠵᠢ ᠪᠠᠨ ᠳᠡᠭᠡᠭᠰᠢᠯᠡᠭᠦᠯᠵᠦ᠂ ᠡᠷᠲᠡᠬᠡᠨ ᠡᠮᠨᠡᠭᠦᠯᠬᠦ ᠬᠡᠷᠡᠭᠲᠡᠶ᠃ ᠡᠭᠦᠨ ᠠᠴᠠ ᠭᠠᠳᠠᠨ᠎ᠠ᠂ ᠨᠠᠰᠤᠲᠠᠶᠢᠴᠤᠳ ᠤᠨ | ᠠᠮᠠᠨ ᠬᠥᠨᠳᠡᠢ ᠶᠢᠨ ᠰᠠᠯᠢᠰᠤᠲᠤ ᠪᠦᠷᠬᠦᠪᠴᠢ ᠨᠢ ᠡᠪᠡᠳᠬᠦ᠂ ᠬᠠᠭᠤᠷᠠᠶᠢᠰᠢᠬᠤ᠂ ᠴᠥᠪᠥᠷᠢᠭᠦᠦ ᠭᠠᠷᠬᠤ᠂ ᠬᠠᠭᠠᠷᠠᠬᠤ | ᠂ ᠥᠩᠭᠡ ᠨᠢ ᠬᠤᠪᠢᠷᠠᠬᠤ ᠵᠡᠷᠭᠡ ᠠᠰᠠᠭᠤᠳᠠᠯ ᠤᠳ ᠭᠠᠷᠤᠭᠰᠠᠭᠠᠷ ᠴᠠᠭ ᠲᠤᠬᠠᠢ ᠳᠤᠨᠢ ᠡᠮᠨᠡᠭᠦᠯᠵᠦ᠂ ᠣᠨᠣᠪᠴᠢᠲᠠᠢ | ᠪᠥᠭᠡᠳ ᠪᠦᠲᠦᠮᠵᠢᠲᠡᠢ ᠣᠨᠣᠰᠢᠯᠠᠨ ᠲᠤᠳᠤᠯᠠᠭᠤᠯᠬᠤ ᠪᠠ ᠡᠮᠨᠠᠬᠦᠯᠦᠨ ᠵᠠᠰᠠᠭᠤᠯᠬᠤ ᠬᠡᠷᠡᠭᠳᠡᠢ ᠬᠡᠵᠦ ᠰᠠᠨᠠᠭᠤᠯᠵᠤ | ᠪᠠᠶᠢᠨ᠎ᠠ᠃ | ᠪᠡᠯᠡᠳᠭᠡᠭᠰᠡᠨ ᠨᠢ᠄ ᠬᠠᠨ ᠰᠢᠶᠤᠤ ᠿᠦᠩ | ᠬᠢᠨᠠᠬᠴᠢ᠄ ᠼᠦᠢ ᠶᠢᠩ | ᠢᠷᠡᠯᠳᠡ᠄ ᠠᠷᠠᠳ ᠤᠨ ᠮᠤᠩᠭᠤᠯ ᠰᠦᠯᠵᠢᠶ᠎ᠡ |