ᠹᠧᠩᠵᠧᠨ ᠬᠤᠲᠠ ᠶᠢᠨ ᠬᠥᠳᠡᠭᠡ ᠲᠣᠰᠬᠤᠨ ᠤ ᠣᠷᠣᠨ ᠰᠠᠭᠤᠴᠠ ᠨᠢᠭᠡᠨᠲᠡ ︽ᠠᠮᠤᠷ ᠲᠦᠪᠰᠢᠨ ᠲᠣᠭᠲᠠᠭᠤᠨ᠂ ᠰᠠᠯᠬᠢ ᠪᠤᠷᠤᠭᠠᠨ ᠢ ᠬᠠᠯᠬᠠᠯᠠᠬᠤ︾ ᠱᠠᠭᠠᠷᠳᠠᠯᠭ᠎ᠠ ᠳᠤ ᠬᠦᠷᠪᠡ
ᠨᠡᠶᠢᠲᠡᠯᠡᠭᠰᠡᠨ ᠴᠠᠭ᠄
2020-07-31
   ᠹᠧᠩᠵᠧᠨ ᠬᠤᠲᠠ ᠤᠯᠤᠰ᠂ ᠥᠪᠡᠷᠲᠡᠭᠡᠨ ᠵᠠᠰᠠᠬᠤ ᠣᠷᠣᠨ ᠤ ᠬᠥᠳᠡᠭᠡ ᠲᠣᠰᠬᠤᠨ ᠤ ᠨᠤᠷᠠᠬᠤ ᠠᠶᠤᠯᠲᠠᠶ ᠭᠡᠷ ᠪᠠᠶᠢᠰᠢᠩ ᠢ ᠰᠢᠨᠡᠳᠬᠡᠨ ᠵᠠᠰᠠᠬᠤ ᠲᠥᠷᠥ ᠶᠢᠨ ᠪᠣᠳᠣᠯᠭ᠎ᠠ ᠶᠢᠨ ᠪᠠᠷᠢᠮᠵᠢᠶ᠎ᠠ ᠶᠢ ᠴᠢᠩᠭ᠎ᠠ ᠬᠡᠷᠡᠭᠵᠢᠭᠦᠯᠵᠦ᠂ 2014 ᠤᠨ ᠠᠴᠠ ᠣᠳᠣ ᠪᠣᠯᠲᠠᠯ᠎ᠠ ᠨᠡᠶᠢᠲᠡ 1467 ᠡᠷᠦᠬᠡ ᠶᠢᠨ ᠭᠡᠷ ᠪᠠᠶᠢᠰᠢᠩ ᠢ ᠰᠢᠨ᠎ᠡ ᠪᠠᠷ ᠪᠠᠶᠢᠭᠤᠯᠵᠤ᠂ 1516 ᠡᠷᠦᠬᠡ ᠶᠢ ᠵᠠᠰᠠᠨ ᠪᠠᠬᠢᠵᠢᠭᠦᠯᠵᠦ᠂ 38 ᠡᠷᠦᠬᠡ ᠶᠢ ᠰᠣᠯᠢᠵᠤ᠂ ᠡᠭᠦᠷᠭᠡ ᠪᠠᠨ ᠠᠮᠵᠢᠯᠲᠠ ᠲᠠᠢ ᠪᠡᠶᠡᠯᠡᠬᠦᠯᠪᠡ᠃ ᠪᠥᠬᠦ ᠬᠤᠲᠠ ᠶᠢᠨ ᠬᠥᠳᠡᠭᠡ ᠲᠣᠰᠬᠤᠨ ᠤ ᠣᠷᠣᠨ ᠰᠠᠭᠤᠴᠠ ᠴᠥᠮ ︽ᠠᠮᠤᠷ ᠲᠦᠪᠰᠢᠨ ᠲᠣᠭᠲᠠᠭᠤᠨ᠂ ᠰᠠᠯᠬᠢ ᠪᠣᠷᠣᠭᠠᠨ ᠢ ᠬᠠᠯᠬᠠᠯᠠᠬᠤ︾ ᠱᠠᠭᠠᠷᠳᠠᠯᠭ᠎ᠠ ᠳᠤ ᠬᠥᠷᠪᠡ᠃ ᠡᠭᠦᠨ ᠤ ᠬᠠᠮᠲᠤ᠂ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ︽ᠵᠢᠷᠭᠤᠭ᠎ᠠ ᠶᠢ ᠦᠬᠡᠢ ᠪᠤᠯᠭᠠᠬᠤ᠂ ᠳᠥᠷᠪᠡ ᠶᠢ ᠪᠠᠷᠢᠮᠵᠢᠶ᠎ᠠ ᠳᠤ ᠬᠦᠷᠭᠡᠬᠦ︾ ᠲᠤᠰᠬᠠᠶ ᠠᠵᠢᠯᠯᠠᠭ᠎ᠠ ᠲᠠᠢ ᠤᠶᠠᠯᠳᠤᠭᠤᠯᠤᠨ᠂ ᠪᠦᠬᠦ ᠬᠤᠲᠠ ᠳᠤ ᠨᠡᠶᠢᠲᠡ 41 ᠠᠷᠠᠳ ᠢ ᠲᠥᠪᠯᠡᠷᠡᠭᠦᠯᠦᠨ ᠲᠥᠪᠬᠢᠨᠡᠭᠦᠯᠬᠦ ᠴᠡᠭ ᠪᠠᠶᠢᠭᠤᠯᠵᠤ᠂ 1144 ᠶᠠᠳᠠᠭᠤ ᠬᠦᠴᠢᠷᠳᠡᠯᠳᠡᠢ ᠡᠷᠦᠬᠡ ᠶᠢᠨ 2578 ᠬᠥᠮᠦᠨ ᠢ ᠲᠥᠪᠬᠢᠨᠡᠭᠦᠯᠪᠡ︔ ᠰᠢᠷᠣᠶ ᠦᠭᠡᠢ ᠪᠠᠷ ᠨᠡᠭᠦᠯᠭᠡᠨ ᠬᠤᠲᠠ ᠣᠷᠣᠭᠤᠯᠵᠤ ᠳᠠᠩᠰᠠ ᠡᠪᠬᠡᠮᠡᠯ ᠪᠠᠶᠢᠭᠤᠯᠤᠨ ᠺᠠᠷᠲᠯᠠᠬᠰᠠᠨ ᠶᠠᠳᠠᠭᠤ ᠬᠦᠴᠢᠷᠳᠡᠯᠳᠡᠢ ᠡᠷᠦᠬᠡ 381 ᠡᠷᠦᠬᠡ ᠶᠢᠨ 987 ᠬᠥᠮᠦᠨ ᠪᠤᠯᠤᠨ᠎ᠠ᠃                                    ᠤᠷᠴᠢᠭᠤᠯᠤᠭᠴᠢ᠄ ᠬᠠᠨ ᠰᠢᠶᠤᠤ ᠿᠦᠩ                                    ᠬᠢᠨᠠᠭᠴᠢ᠄ ᠼᠦᠢ ᠶᠢᠩ
 
ᠢᠷᠡᠯᠲᠡ᠄ ᠹᠧᠩᠵᠧᠨ ᠬᠤᠲᠠ ᠶᠢᠨ ᠠᠷᠠᠳ ᠤᠨ ᠵᠠᠰᠠᠭ ᠤᠨ ᠤᠷᠳᠤᠨ ᠤ ᠬᠢᠲᠠᠳ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000072号-3