| ᠤᠯᠤᠰ ᠤᠨ ᠡᠷᠡᠬᠦᠯ ᠬᠠᠮᠠᠭᠠᠯᠠᠯ ᠡᠷᠡᠭᠦᠯ ᠮᠡᠨᠳᠦ ᠶᠢᠨ ᠺᠣᠮᠢᠰ ᠤᠨ ᠰᠦᠯᠵᠢᠶᠠᠨ ᠳᠡᠬᠡᠷ᠎ᠡ ︽ᠰᠢᠨᠵᠢᠯᠡᠬᠦ | ᠤᠬᠠᠭᠠᠨᠴᠢ ᠪᠠᠷ ᠠᠮᠠᠪᠴᠢ ᠵᠡᠬᠦᠬᠦ ᠲᠤᠬᠠᠢ ᠤᠯᠠᠨ ᠨᠡᠶᠢᠳᠠ ᠳᠤ ᠦᠭᠬᠦ ᠰᠠᠨᠠᠭᠤᠯᠭ᠎ᠠ ᠶᠢ ᠳᠠᠷᠤᠮᠠᠯᠯᠠᠨ ᠲᠠᠷᠬᠠᠭᠠᠬᠤ | ᠮᠡᠳᠡᠭᠳᠡᠯ︾ ᠢ ᠨᠡᠶᠢᠳᠡᠯᠡᠵᠦ᠂ ᠶᠠᠮᠠᠷ ᠤᠷᠴᠢᠨ ᠳᠤ ᠶᠠᠮᠠᠷ ᠬᠡᠯᠪᠡᠷᠢ ᠶᠢᠨ ᠠᠮᠠᠪᠴᠢ ᠵᠡᠬᠦᠬᠦ ᠲᠤᠬᠠᠢ ᠬᠡᠳᠦᠨ ᠲᠠᠯ᠎ᠠ ᠶᠢᠨ | ᠰᠠᠨᠠᠭᠤᠯᠭ᠎ᠠ | ᠳᠤᠷᠠᠳᠴᠠᠢ᠃ | ᠡᠩ ᠤᠨ ᠬᠥᠮᠥᠰ ᠲᠤ ᠥᠭᠬᠦ ᠰᠠᠨᠠᠭᠤᠯᠭ᠎ᠠ | 1. ᠭᠡᠷ ᠲᠡᠭᠡᠨ ᠰᠠᠭᠤᠬᠤ ᠪᠤᠶᠤ ᠭᠠᠳᠠᠨ᠎ᠠ ᠬᠥᠮᠥᠨ ᠴᠥᠭᠡᠨ ᠭᠠᠵᠠᠷ ᠢᠶᠠᠷ ᠶᠠᠪᠤᠬᠤ ᠦᠶ᠎ᠡ ᠳᠤ᠂ ᠬᠡᠷᠪᠡ ᠰᠠᠯᠬᠢ | ᠰᠠᠶᠢᠨ ᠨᠡᠪᠳᠡᠷᠡᠳᠡᠭ ᠣᠷᠴᠢᠨ ᠳᠤ ᠪᠠᠶᠢᠪᠠᠯ᠂ ᠠᠮᠠᠪᠴᠢ ᠵᠡᠬᠦᠬᠦ ᠦᠬᠡᠢ ᠪᠠᠶᠢᠵᠤ ᠪᠣᠯᠣᠨ᠎ᠠ᠃ | 2. ᠠᠯᠪᠠᠨ ᠭᠡᠷ᠂ ᠬᠤᠳᠠᠯᠳᠤᠭᠠᠨ ᠤ ᠲᠠᠯᠠᠪᠤᠷ᠂ ᠬᠤᠭᠤᠯᠠᠨ ᠭᠡᠷ᠂ ᠬᠤᠷᠠᠯ ᠤᠨ ᠭᠡᠷ᠂ ᠳᠡᠷᠬᠡᠨ | ᠵᠤᠭᠰᠤᠭᠠᠯ ᠤᠨ ᠭᠠᠵᠠᠷ ᠵᠡᠷᠭᠡ ᠬᠦᠮᠦᠨ ᠤᠯᠠᠨ ᠴᠤᠬᠯᠠᠷᠠᠳᠠᠭ ᠭᠠᠵᠠᠷ ᠲᠤ ᠣᠴᠢᠬᠤ᠂ ᠴᠠᠬᠢᠯᠭᠠᠨ ᠱᠠᠲᠤ ᠶᠢ | ᠠᠰᠢᠭᠯᠠᠬᠤ ᠪᠤᠶᠤ ᠨᠡᠶᠢᠳᠠ ᠶᠢᠨ ᠮᠠᠰᠢᠨ ᠳᠤ ᠰᠠᠭᠤᠬᠤ ᠦᠶ᠎ᠡ᠂ ᠪᠡᠶ᠎ᠡ ᠳᠡᠭᠡᠨ ᠨᠢᠭᠡ ᠯᠡ ᠤᠳᠠᠭ᠎ᠠ ᠬᠡᠷᠡᠭᠯᠡᠵᠦ ᠪᠣᠯᠬᠤ | ᠠᠮᠠᠪᠴᠢ ᠪᠤᠶᠤ ᠡᠮᠴᠢᠯᠡᠭᠡᠨ ᠳᠤ ᠬᠡᠷᠡᠭᠯᠡᠳᠡᠭ ᠠᠮᠠᠪᠴᠢ ᠠᠪᠴᠤ ᠶᠠᠪᠤᠪᠠᠯ ᠵᠣᠬᠢᠨ᠎ᠠ︔ ᠬᠡᠷᠪᠡ ᠪᠤᠰᠤᠳ ᠲᠠᠢ 1 | ᠮᠧᠳ᠋ᠷ ᠠᠴᠠ ᠣᠶᠢᠷᠠᠬᠠᠨ ᠵᠠᠶᠢᠲᠠᠢ ᠪᠠᠶᠢᠪᠠᠯ᠂ ᠡᠷᠬᠡᠪᠰᠢ ᠨᠢᠭᠡ ᠯᠡ ᠤᠳᠠᠭ᠎ᠠ ᠬᠡᠷᠡᠭᠯᠡᠵᠦ ᠪᠣᠯᠬᠤ ᠠᠮᠠᠪᠴᠢ ᠪᠤᠶᠤ | ᠡᠮᠴᠢᠯᠡᠭᠡᠨ ᠳᠤ ᠬᠡᠷᠡᠭᠯᠡᠳᠡᠭ ᠠᠮᠠᠪᠴᠢ ᠵᠡᠭᠦᠬᠦ ᠬᠡᠷᠡᠭᠲᠡᠢ︔ ᠬᠢᠵᠢᠭ ᠬᠠᠯᠳᠠᠪᠤᠷᠢᠯᠠᠬᠤ ᠠᠶᠤᠯᠲᠠᠢ ᠣᠷᠴᠢᠨ ᠳᠤ | ᠡᠷᠬᠡᠪᠰᠢ ᠡᠮᠴᠢᠯᠡᠭᠡᠨ ᠳᠤ ᠬᠡᠷᠡᠭᠯᠡᠬᠦ ᠠᠮᠠᠪᠴᠢ ᠵᠡᠭᠦᠬᠦ ᠬᠡᠷᠡᠭᠲᠡᠢ᠃ | 3. ᠬᠠᠨᠢᠶᠠᠬᠤ᠂ ᠨᠠᠶᠢᠳᠠᠭᠠᠬᠤ ᠵᠡᠷᠬᠡ ᠢᠯᠠᠷᠠᠯ ᠲᠠᠢ ᠲᠠᠭᠰᠢᠭᠤᠷ ᠬᠦᠷᠦᠭᠰᠡᠨ ᠬᠥᠮᠥᠰ ᠡᠷᠬᠡᠪᠰᠢ ᠨᠢᠭᠡ ᠯᠡ | ᠤᠳᠠᠭ᠎ᠠ ᠬᠡᠷᠡᠭᠯᠡᠵᠦ ᠪᠣᠯᠬᠤ ᠠᠮᠠᠪᠴᠢ ᠪᠤᠶᠤ ᠡᠮᠴᠢᠯᠡᠭᠡᠨ ᠳᠤ ᠬᠡᠷᠡᠭᠯᠡᠳᠡᠭ ᠠᠮᠠᠪᠴᠢ ᠵᠡᠭᠦᠬᠦ ᠬᠡᠷᠡᠭᠲᠡᠢ᠃ | 4. ᠳᠤᠰᠠᠭᠠᠷᠯᠠᠭᠳᠠᠵᠤ ᠪᠠᠶᠢᠭ᠎ᠠ ᠬᠥᠮᠥᠰ ᠪᠤᠶᠤ ᠡᠪᠡᠳᠴᠢᠨ ᠨᠢ ᠡᠳᠡᠭᠡᠷᠡᠭᠡᠳ ᠡᠮᠨᠡᠯᠭᠡ ᠠᠴᠠ ᠭᠠᠷᠤᠭᠰᠠᠳ ᠲᠠᠢ | ᠬᠠᠮᠲᠤ ᠰᠠᠭᠤᠵᠤ ᠪᠠᠶᠢᠭ᠎ᠠ ᠬᠦᠮᠦᠰ ᠡᠷᠬᠡᠪᠰᠢ ᠨᠢᠭᠡ ᠯᠡ ᠤᠳᠠᠭ᠎ᠠ ᠬᠡᠷᠡᠭᠯᠡᠵᠦ ᠪᠣᠯᠬᠤ ᠠᠮᠠᠪᠴᠢ ᠪᠤᠶᠤ | ᠡᠮᠴᠢᠯᠡᠭᠡᠨ ᠳᠤ ᠬᠡᠷᠡᠭᠯᠡᠳᠡᠭ ᠠᠮᠠᠪᠴᠢ ᠵᠡᠭᠦᠬᠦ ᠬᠡᠷᠡᠭᠲᠡᠢ᠃ | ᠤᠯᠠᠨ ᠬᠥᠮᠥᠨ ᠲᠥᠪᠯᠡᠷᠡᠭᠰᠡᠨ ᠭᠠᠵᠠᠷ ᠠᠵᠢᠯᠯᠠᠵᠤ ᠰᠠᠭᠤᠵᠤ ᠪᠠᠶᠢᠭ᠎ᠠ ᠬᠦᠮᠦᠰ ᠲᠤ ᠥᠭᠬᠦ ᠰᠠᠨᠠᠭᠤᠯᠭ᠎ᠠ | 1. ᠡᠮᠨᠡᠯᠬᠡ ᠶᠢᠨ ᠬᠤᠷᠢᠶ᠎ᠠ᠂ ᠠᠶᠠᠨᠴᠢᠳ ᠤᠨ ᠮᠠᠰᠢᠨ ᠤ ᠥᠷᠳᠡᠭᠡ᠂ ᠭᠠᠯᠳᠤ ᠳᠡᠷᠬᠡᠨ ᠤ ᠥᠷᠳᠡᠭᠡ᠂ | ᠨᠢᠰᠬᠡᠯ ᠤᠨ ᠪᠠᠭᠤᠳᠠᠯ᠂ ᠬᠡᠲᠦ ᠳᠡᠯᠭᠡᠬᠦᠷ᠂ ᠬᠤᠭᠤᠯᠠᠨ ᠭᠡᠷ᠂ ᠨᠡᠶᠢᠬᠡᠮ ᠳᠤᠭᠤᠷᠢᠭ ᠪᠠ ᠡᠯ᠎ᠡ ᠪᠠᠶᠢᠭᠤᠯᠭ᠎ᠠ ᠶᠢᠨ | ᠤᠷᠤᠵᠤ ᠭᠠᠷᠬᠤ ᠡᠬᠦᠳᠡᠨ ᠳᠤ ᠠᠵᠢᠯᠯᠠᠵᠤ ᠪᠠᠶᠢᠭ᠎ᠠ ᠬᠦᠮᠦᠰ ᠡᠩ ᠤᠨ ᠦᠶ᠎ᠡ ᠳᠤ ᠨᠢᠭᠡ ᠯᠡ ᠤᠳᠠᠭ᠎ᠠ ᠬᠡᠷᠡᠭᠯᠡᠵᠦ | ᠪᠣᠯᠬᠤ ᠠᠮᠠᠪᠴᠢ ᠪᠤᠶᠤ ᠡᠮᠴᠢᠯᠡᠭᠡᠨ ᠳᠤ ᠬᠡᠷᠡᠭᠯᠡᠳᠡᠭ ᠠᠮᠠᠪᠴᠢ ᠵᠡᠭᠦᠬᠦ ᠬᠡᠷᠡᠭᠲᠡᠢ᠃ ᠬᠡᠷᠪᠡ ᠪᠤᠰᠤᠳ ᠲᠠᠢ ᠨᠢᠭᠲᠠ | ᠣᠶᠢᠷᠠᠳᠬᠤ ᠦᠶ᠎ᠡ ᠳᠤ ᠡᠷᠬᠡᠪᠰᠢ KN95 ᠪᠤᠶᠤ N95 ᠵᠡᠷᠭᠡ ᠲᠤᠰᠬᠠᠢ ᠬᠡᠯᠪᠡᠷᠢ ᠶᠢᠨ ᠠᠮᠠᠪᠴᠢ ᠵᠡᠭᠦᠬᠦ | ᠬᠡᠷᠡᠭᠲᠡᠢ᠃ | 2. ᠬᠢᠨᠳᠠᠨ᠂ ᠠᠰᠠᠷᠠᠮᠵᠢ ᠶᠢᠨ ᠭᠠᠵᠠᠷ᠂ ᠰᠡᠳᠬᠢᠴᠠ ᠶᠢᠨ ᠡᠷᠡᠬᠦᠯ ᠮᠡᠨᠳᠤ ᠶᠢᠨ ᠡᠮᠴᠢᠯᠡᠬᠡᠨ ᠤ ᠪᠠᠶᠢᠭᠤᠯᠤᠮᠵᠢ | ᠵᠢᠴᠢ ᠰᠤᠷᠭᠠᠭᠤᠯᠢ ᠶᠢᠨ ᠠᠩᠭᠢ ᠶᠢᠨ ᠭᠡᠷ᠂ ᠪᠠᠷᠢᠯᠭ᠎ᠠ ᠶᠢᠨ ᠠᠵᠢᠯᠴᠢᠳ ᠤᠨ ᠪᠠᠶᠢᠷᠢ ᠵᠡᠷᠬᠡ ᠭᠠᠵᠠᠷ ᠲᠤ ᠪᠠᠶᠢᠭ᠎ᠠ | ᠬᠥᠮᠥᠰ ᠡᠩ ᠤᠨ ᠦᠶ᠎ᠡ ᠳᠤ ᠨᠢᠭᠡ ᠯᠡ ᠤᠳᠠᠭ᠎ᠠ ᠬᠡᠷᠡᠭᠯᠡᠵᠦ ᠪᠣᠯᠬᠤ ᠠᠮᠠᠪᠴᠢ ᠪᠤᠶᠤ ᠡᠮᠴᠢᠯᠡᠭᠡᠨ ᠳᠤ ᠬᠡᠷᠡᠭᠯᠡᠳᠡᠭ | ᠠᠮᠠᠪᠴᠢ ᠵᠡᠭᠦᠬᠦ ᠬᠡᠷᠡᠭᠲᠡᠢ᠃ ᠬᠡᠷᠪᠡ ᠪᠤᠰᠤᠳ ᠲᠠᠢ ᠨᠢᠭᠲᠠ ᠣᠶᠢᠷᠠᠳᠬᠤ ᠦᠶ᠎ᠡ ᠳᠤ ᠡᠷᠬᠡᠪᠰᠢ KN95 | ᠪᠤᠶᠤ N95 ᠵᠡᠷᠭᠡ ᠲᠤᠰᠬᠠᠢ ᠬᠡᠯᠪᠡᠷᠢ ᠶᠢᠨ ᠠᠮᠠᠪᠴᠢ ᠵᠡᠭᠦᠬᠦ ᠬᠡᠷᠡᠭᠲᠡᠢ᠃ | ᠬᠢᠵᠢᠭ ᠲᠤ ᠨᠡᠷᠪᠡᠭᠳᠡᠭᠰᠡᠳ ᠪᠠ ᠬᠢᠵᠢᠭ ᠲᠤ ᠨᠡᠷᠪᠡᠭᠳᠡᠭᠰᠡᠳ ᠤᠨ ᠡᠪᠡᠳᠴᠢᠨ ᠤ ᠪᠠᠶᠢᠳᠠᠯ ᠲᠠᠢ ᠲᠥᠰᠥᠭᠡᠲᠡᠢ | ᠬᠥᠮᠥᠰ᠂ ᠡᠪᠡᠳᠴᠢᠲᠡᠳ ᠲᠠᠢ ᠨᠢᠭᠲᠠ ᠣᠶᠢᠷᠠᠲᠤᠭᠰᠠᠨ ᠬᠥᠮᠥᠰ ᠪᠠ ᠭᠠᠳᠠᠭᠠᠳᠤ ᠠᠴᠠ ᠢᠷᠡᠭᠰᠡᠨ ᠬᠥᠮᠥᠰ ᠲᠤ | ᠥᠭᠬᠦ ᠰᠠᠨᠠᠭᠤᠯᠭ᠎ᠠ | ᠬᠢᠵᠢᠭ ᠲᠤ ᠨᠡᠷᠪᠡᠭᠳᠡᠭᠰᠡᠳ ᠪᠠ ᠬᠢᠵᠢᠭ ᠲᠤ ᠨᠡᠷᠪᠡᠭᠳᠡᠭᠰᠡᠳ ᠤᠨ ᠡᠪᠡᠳᠴᠢᠨ ᠤ ᠪᠠᠶᠢᠳᠠᠯ ᠲᠠᠢ ᠲᠥᠰᠥᠭᠡᠲᠡᠢ | ᠬᠥᠮᠥᠰ᠂ ᠡᠪᠡᠳᠴᠢᠲᠡᠳ ᠲᠠᠢ ᠨᠢᠭᠲᠠ ᠣᠶᠢᠷᠠᠲᠤᠭᠰᠠᠨ ᠬᠥᠮᠥᠰ ᠪᠠ ᠭᠠᠳᠠᠭᠠᠳᠤ ᠠᠴᠠ ᠢᠷᠡᠭᠰᠡᠨ ᠬᠥᠮᠥᠰ | ᠡᠷᠬᠡᠪᠰᠢ ᠡᠮᠴᠢᠯᠡᠭᠡᠨ ᠳᠤ ᠬᠡᠷᠡᠭᠯᠡᠬᠦ ᠠᠮᠠᠪᠴᠢ ᠪᠤᠶᠤ KN95 ᠪᠠ N95 ᠵᠡᠷᠭᠡ ᠲᠤᠰᠬᠠᠢ ᠬᠡᠯᠪᠡᠷᠢ ᠶᠢᠨ ᠠᠮᠠᠪᠴᠢ | ᠵᠡᠭᠦᠬᠦ ᠬᠡᠷᠡᠭᠲᠡᠢ᠃ | ᠬᠢᠵᠢᠭ ᠲᠤ ᠨᠡᠷᠪᠡᠭᠳᠡᠭᠰᠡᠳ ᠲᠠᠢ ᠤᠶᠢᠷᠠᠳᠬᠤ ᠪᠣᠯᠣᠮᠵᠢ ᠶᠡᠭᠡ ᠬᠦᠮᠦᠰ ᠲᠤ ᠥᠭᠬᠦ ᠰᠠᠨᠠᠭᠤᠯᠭ᠎ᠠ | 1. ᠡᠩ ᠤᠨ ᠡᠬᠦᠳᠡᠨ ᠡᠮᠨᠡᠯᠬᠡ᠂ ᠡᠪᠡᠳᠴᠢᠳᠠᠨ ᠤ ᠦᠷᠦᠭᠡ ᠵᠡᠷᠬᠡ ᠭᠠᠵᠠᠷ ᠢᠶᠠᠷ ᠣᠷᠣᠵᠤ ᠭᠠᠷᠳᠠᠭ ᠡᠮᠴᠢ | ᠰᠤᠪᠢᠯᠠᠭᠴᠢᠳ᠂ ᠬᠢᠵᠢᠭ ᠬᠠᠯᠳᠠᠪᠤᠷᠢᠯᠠᠬᠤ ᠠᠶᠤᠯ ᠢᠶᠠᠷ ᠬᠠᠷᠢᠴᠠᠩᠭᠤᠢ ᠪᠠᠭ᠎ᠠ ᠪᠠᠶᠢᠭ᠎ᠠ ᠲᠦᠷᠭᠡᠨ ᠡᠮᠨᠡᠯᠭᠡ ᠶᠢᠨ | ᠡᠮᠴᠢ ᠰᠤᠪᠢᠯᠠᠭᠴᠢᠳ᠂ ᠬᠢᠵᠢᠭ ᠢ ᠰᠡᠷᠬᠡᠶᠢᠯᠡᠨ ᠳᠠᠷᠤᠬᠤ ᠠᠵᠢᠯ ᠢ ᠬᠠᠷᠢᠭᠤᠴᠠᠵᠤ ᠪᠠᠶᠢᠭ᠎ᠠ ᠵᠠᠰᠠᠭ ᠵᠠᠬᠢᠷᠭᠠᠨ ᠤ | ᠬᠠᠮᠢᠶᠠᠷᠤᠯᠲᠠ ᠶᠢᠨ ᠬᠥᠮᠥᠰ᠂ ᠴᠠᠭᠳᠠᠭ᠎ᠠ᠂ ᠠᠮᠤᠷ ᠢ ᠬᠠᠮᠠᠭᠠᠯᠠᠭᠴᠢᠳ᠂ ᠴᠡᠪᠡᠷᠯᠡᠭᠴᠢᠳ ᠵᠡᠷᠬᠡ ᠬᠥᠮᠥᠰ ᠡᠷᠬᠡᠪᠰᠢ | ᠡᠮᠴᠢᠯᠡᠭᠡᠨ ᠳᠤ ᠬᠡᠷᠡᠭᠯᠡᠬᠦ ᠠᠮᠠᠪᠴᠢ ᠵᠡᠭᠦᠬᠦ ᠬᠡᠷᠡᠭᠲᠡᠢ᠃ | 2. ᠬᠢᠵᠢᠭ ᠲᠤ ᠨᠡᠷᠪᠡᠭᠳᠡᠭᠰᠡᠳ ᠪᠠ ᠬᠢᠵᠢᠭ ᠲᠤ ᠨᠡᠷᠪᠡᠭᠳᠡᠭᠰᠡᠳ ᠤᠨ ᠡᠪᠡᠳᠴᠢᠨ ᠤ ᠪᠠᠶᠢᠳᠠᠯ ᠲᠠᠢ | ᠲᠥᠰᠥᠭᠡᠲᠡᠢ ᠡᠪᠡᠳᠴᠢᠲᠡᠳ ᠤᠨ ᠦᠷᠦᠬᠡ ᠪᠠᠷ ᠬᠦᠷᠦᠭᠰᠡᠨ ᠡᠮᠴᠢ ᠠᠵᠢᠯᠲᠠᠳ᠂ ICU ᠲᠠᠰᠤᠭ ᠲᠤ ᠠᠵᠢᠯᠯᠠᠵᠤ | ᠪᠠᠶᠢᠭ᠎ᠠ ᠬᠦᠮᠦᠰ᠂ ᠳᠤᠭᠳᠠᠭᠰᠠᠨ ᠡᠮᠴᠢᠯᠡᠬᠡᠨ ᠤ ᠪᠠᠶᠢᠭᠤᠯᠤᠮᠵᠢ ᠶᠢᠨ ᠬᠠᠯᠠᠭᠤᠷᠠᠭᠰᠠᠨ ᠡᠪᠡᠳᠴᠢᠲᠡᠳ ᠢ ᠡᠮᠴᠢᠯᠡᠬᠦ | ᠡᠬᠦᠳᠡᠨ ᠡᠮᠨᠡᠯᠬᠡ ᠶᠢᠨ ᠡᠮᠴᠢ ᠠᠵᠢᠯᠲᠠᠳ᠂ ᠬᠢᠵᠢᠭ ᠬᠠᠯᠳᠠᠪᠤᠷᠢᠯᠠᠬᠤ ᠪᠣᠯᠣᠮᠵᠢ ᠬᠠᠷᠢᠴᠠᠩᠭᠤᠢ ᠶᠡᠭᠡ ᠪᠠᠶᠢᠭ᠎ᠠ | ᠲᠦᠷᠭᠡᠨ ᠡᠮᠨᠡᠯᠭᠡ ᠶᠢᠨ ᠡᠮᠴᠢ ᠰᠤᠪᠢᠯᠠᠭᠴᠢᠳ᠂ ᠲᠠᠬᠤᠯ ᠡᠪᠡᠳᠴᠢᠨ ᠤ ᠤᠬᠠᠭᠠᠨ ᠤ ᠪᠠᠶᠢᠴᠠᠭᠠᠯᠳᠠ ᠬᠢᠬᠦ ᠬᠥᠮᠥᠰ᠂ | ᠳᠤᠷᠰᠢᠯᠳᠠ ᠶᠢᠨ ᠳᠠᠰᠤᠭ ᠤᠨ ᠠᠵᠢᠯᠲᠠᠳ᠂ ᠠᠷᠢᠭᠤᠳᠬᠠᠭᠴᠢᠳ ᠪᠠ ᠡᠪᠡᠳᠴᠢᠳᠠᠨ ᠢ ᠰᠢᠯᠵᠢᠬᠦᠯᠦᠨ ᠬᠦᠷᠬᠡᠬᠦ | ᠬᠦᠮᠦᠰ ᠡᠷᠬᠡᠪᠰᠢ ᠡᠮᠴᠢᠯᠡᠭᠡᠨ ᠳᠤ ᠬᠡᠷᠡᠭᠯᠡᠬᠦ ᠰᠡᠷᠭᠡᠶᠢᠯᠡᠨ ᠬᠠᠮᠠᠭᠠᠯᠠᠬᠤ ᠠᠮᠠᠪᠴᠢ ᠵᠡᠭᠦᠬᠦ ᠬᠡᠷᠡᠭᠲᠡᠢ᠃ | 3. ᠠᠮᠢᠰᠬᠤᠯ ᠤᠨ ᠵᠠᠮ ᠤᠨ ᠦᠯᠢᠬᠡᠷ ᠬᠡᠪ ᠢ ᠠᠪᠬᠤ ᠠᠵᠢᠯ ᠢ ᠬᠠᠷᠢᠭᠤᠴᠠᠵᠤ ᠪᠠᠶᠢᠭ᠎ᠠ ᠬᠥᠮᠥᠰ᠂ ᠬᠢᠵᠢᠭ ᠲᠤ | ᠨᠡᠷᠪᠡᠭᠳᠡᠭᠰᠡᠨ ᠡᠪᠡᠳᠴᠢᠲᠡᠳ ᠲᠤ ᠬᠠᠮᠢᠶᠠᠲᠠᠢ ᠪᠠᠶᠢᠴᠠᠭᠠᠯᠲᠠ ᠪᠠ ᠮᠡᠰᠡ ᠵᠠᠰᠠᠯ ᠬᠢᠵᠦ ᠪᠠᠶᠢᠭ᠎ᠠ ᠡᠮᠴᠢ ᠠᠵᠢᠯᠴᠢᠳ | ᠡᠷᠬᠡᠪᠰᠢ ᠨᠢᠳᠦ ᠶᠢ ᠬᠠᠮᠠᠭᠠᠯᠠᠬᠤ ᠰᠢᠯ ᠵᠡᠭᠦᠬᠦ ᠬᠡᠷᠡᠭᠲᠡᠢ ᠪᠥᠭᠡᠳ P100 ᠮᠥᠬᠦᠯᠢᠭᠲᠦ ᠪᠤᠳᠠᠰ ᠢ ᠬᠠᠯᠬᠠᠯᠠᠬᠤ | ᠰᠡᠷᠭᠡᠶᠢᠯᠡᠨ ᠬᠠᠮᠠᠭᠠᠯᠠᠬᠤ ᠪᠠᠭᠠᠵᠢ ᠵᠡᠭᠦᠬᠦ ᠬᠡᠷᠡᠭᠲᠡᠢ᠃ ᠰᠡᠷᠭᠡᠶᠢᠯᠡᠨ ᠬᠠᠮᠠᠭᠠᠯᠠᠬᠤ ᠪᠠᠭᠠᠵᠢ ᠬᠡᠷᠡᠭᠰᠡᠯ ᠢ | ᠠᠷᠢᠭᠤᠳᠬᠠᠭᠰᠠᠨ ᠤ ᠳᠠᠷᠠᠭ᠎ᠠ ᠳᠠᠬᠢᠨ ᠬᠡᠷᠡᠭᠯᠡᠵᠦ ᠪᠣᠯᠣᠨ᠎ᠠ᠃ | | ᠢᠷᠡᠯᠲᠡ᠄ ᠰᠢᠡᠬᠤᠸᠠ ᠬᠤᠷᠢᠶ᠎ᠠ | ᠪᠡᠯᠡᠳᠭᠡᠭᠰᠡᠨ ᠨᠢ᠄ ᠼᠦᠢ ᠶᠢᠩ |