| ᠨᠢᠭᠡ ᠳᠤ᠂ ᠶᠠᠪᠠᠭᠠᠨ ᠬᠥᠮᠦᠨ ᠤ ᠡᠪᠳᠡᠷᠡᠵᠦ ᠰᠦᠢᠳᠦᠭᠰᠡᠨ ᠵᠠᠮ ᠢ ᠲᠠᠬᠢᠵᠦ ᠳᠡᠪᠢᠰᠬᠦ ᠢᠨᠵᠧᠨᠧᠷᠢᠩ᠃ | ᠹᠧᠩᠵᠧᠨ ᠬᠤᠲᠠ ᠶᠡᠭᠡ ᠪᠠᠷᠠᠭᠤᠨ ᠵᠡᠭᠡᠯᠢ ᠶᠢᠨ ᠪᠠᠷᠠᠭᠤᠨ ᠬᠡᠰᠡᠭ᠂ ᠨᠠᠮ ᠵᠠᠰᠠᠭ ᠤᠨ ᠲᠣᠮᠣ ᠠᠰᠠᠷ ᠤᠨ ᠠᠭᠤᠳᠠᠮ | ᠲᠠᠯᠠᠪᠠᠢ ᠶᠢᠨ ᠪᠠᠷᠠᠭᠤᠨ ᠵᠠᠮ᠂ ᠠᠭᠤᠳᠠᠮ ᠲᠠᠯᠠᠪᠠᠢ ᠶᠢᠨ ᠡᠮᠦᠨ᠎ᠡ ᠵᠡᠭᠡᠯᠢ᠂ ᠴᠢᠯᠠᠭᠤᠨ ᠲᠣᠰᠣᠨ ᠤ ᠵᠠᠮ ᠵᠡᠷᠭᠡ 7 | ᠵᠤᠷᠪᠤᠰ ᠵᠠᠮ ᠤᠨ ᠬᠤᠶᠠᠷ ᠬᠠᠵᠠᠭᠤ ᠶᠢᠨ ᠡᠪᠳᠡᠷᠬᠡᠶ ᠶᠠᠪᠠᠭᠠᠨ ᠬᠥᠮᠦᠨ ᠤ ᠵᠠᠮ ᠢ ᠲᠡᠪᠢᠰᠬᠦ ᠪᠠᠷ ᠪᠠᠶᠢᠵᠦ᠂ ᠲᠠᠪᠢᠰᠬᠦ | ᠶᠡᠷᠦᠩᠬᠡᠶ ᠲᠠᠯᠠᠪᠠᠶ ᠨᠢ ᠨᠡᠶᠢᠲᠡ 25100 ᠲᠡᠭᠰᠢ ᠳᠥᠷᠪᠡᠯᠵᠢᠨ ᠮᠧᠲᠷ ᠪᠤᠯᠤᠨ᠎ᠠ᠃ | ᠬᠤᠶᠠᠷ ᠲᠤ᠂ ᠡᠪᠳᠡᠭᠳᠡᠭᠰᠡᠨ ᠪᠣᠷᠣᠭᠠᠨ ᠪᠠ ᠪᠣᠬᠢᠷ ᠤᠰᠤᠨ ᠤ ᠲᠥᠬᠦᠭᠡᠷᠦᠮᠵᠢ ᠶᠢ ᠰᠡᠯᠪᠢᠨ ᠵᠠᠰᠠᠬᠤ | ᠢᠨᠵᠧᠨᠧᠷᠢᠩ᠃ ᠡᠪᠳᠡᠷᠡᠭᠰᠡᠨ ᠪᠠᠶᠢᠴᠠᠭᠠᠯᠲᠠ ᠶᠢᠨ ᠬᠤᠳᠳᠤᠭ ᠨᠡᠶᠢᠲᠡ 277 ᠰᠠᠤᠷᠢ᠂ ᠡᠪᠳᠡᠭᠳᠡᠭᠰᠡᠨ ᠪᠣᠷᠣᠭᠠᠨ | ᠤ ᠤᠰᠤᠨ ᠦᠷᠪᠡᠯᠭᠡ ᠨᠡᠶᠢᠲᠡ 363 ᠰᠠᠭᠤᠷᠢ᠂ ᠬᠤᠲᠠ ᠶᠢᠨ ᠲᠣᠭᠤᠷᠢᠭ ᠤᠨ ᠳᠣᠲᠣᠷᠠᠬᠢ ᠪᠤᠷᠤᠭᠠᠨ ᠤ ᠤᠰᠤ | ᠪᠤᠵᠠᠷ ᠤᠰᠤᠨ ᠤ ᠠᠮᠠᠰᠠᠷ ᠨᠡᠶᠢᠲᠡ 5290᠂ ᠨᠡᠪᠳᠡᠷᠡᠯᠳᠡ ᠶᠢᠨ ᠬᠤᠭᠤᠯᠠᠶ ᠲᠣᠤᠷ 15000 ᠮᠧᠲᠷ ᠵᠡᠷᠭᠡ ᠶᠢ | ᠰᠡᠯᠪᠢᠨ ᠵᠠᠰᠠᠬᠤ ᠮᠦᠷᠳᠡᠭᠡᠨ᠂ ᠣᠳᠣ ᠪᠠᠶᠢᠭ᠎ᠠ ᠨᠠᠢᠮᠠᠨ ᠬᠥᠭᠡᠷᠭᠡ ᠶᠢᠨ ᠥᠷᠲᠡᠭᠡ ᠶᠢᠨ ᠪᠠᠶᠢᠴᠠᠭᠠᠨ ᠵᠠᠰᠠᠬᠤ ᠪᠠ | ᠰᠡᠯᠪᠢᠨ ᠵᠠᠰᠠᠬᠤ ᠠᠵᠢᠯ ᠢ ᠪᠡᠶᠡᠯᠡᠬᠦᠯᠦᠨ᠎ᠡ᠃ | ᠭᠤᠷᠪᠠ ᠳᠤ᠂ ᠭᠡᠷᠡᠯᠲᠦᠭᠦᠯᠭᠡ ᠶᠢᠨ ᠲᠥᠬᠦᠭᠡᠷᠦᠮᠵᠢ ᠶᠢ ᠰᠡᠯᠪᠢᠨ ᠵᠠᠰᠠᠬᠤ ᠢᠨᠵᠧᠨᠧᠷᠢᠩ᠃ ᠵᠡᠭᠦᠨ ᠪᠠᠷᠠᠭᠤᠨ | ᠬᠦᠷᠢᠶᠡᠯᠡᠩ ᠲᠤᠭᠤᠷᠢᠭ ᠤᠨ ᠵᠠᠮ ᠤᠨ ᠳ᠋ᠧᠩ ᠢ 268 ᠰᠠᠭᠤᠷᠢ ︵ᠴᠠᠬᠢᠯᠭᠠᠨ ᠲᠠᠲᠠᠯᠭ᠎ᠠ ᠶᠢᠨ ᠰᠡᠯᠪᠢᠨ ᠵᠠᠰᠠᠯᠲᠠ ᠶᠢ | ᠪᠠᠭᠲᠠᠨ᠎ᠠ︶ ᠪᠠ ᠬᠤᠲᠠ ᠶᠢᠨ ᠲᠣᠭᠤᠷᠢᠭ ᠲᠠᠬᠢ1400 ᠵᠠᠮ ᠤᠨ ᠳ᠋ᠧᠩ ︵ᠣᠶᠤᠨᠴᠢᠯᠠᠭᠰᠠᠨ ᠨᠡᠭᠡᠭᠡᠯᠭᠡ | ᠪᠠᠭᠲᠠᠨ᠎ᠠ︶ ᠢ ᠰᠡᠯᠪᠢᠨ ᠵᠠᠰᠠᠨ᠎ᠠ᠃ | ᠳᠥᠷᠪᠡ ᠳᠤ᠂ ᠡᠮᠦᠨ᠎ᠡ ᠤᠮᠠᠷ᠎ᠠ ᠬᠥᠭᠦᠷᠭᠡᠨ ᠠᠭᠤᠶ ᠶᠢᠨ ᠬᠠᠰᠢᠯᠭ᠎ᠠ ᠶᠢ ᠰᠦᠷᠴᠢᠬᠦ ᠰᠢᠷ ᠢᠶᠠᠷ ᠰᠢᠷᠲᠡᠬᠦ | ᠢᠨᠵᠧᠨᠧᠷᠢᠩ᠃ ᠰᠢᠷᠲᠡᠬᠦ ᠲᠠᠯᠠᠪᠠᠶ ᠨᠢ ᠪᠠᠷᠤᠭ 7000 ᠲᠡᠭᠰᠢ ᠳᠥᠷᠪᠡᠯᠵᠢᠨ ᠮᠧᠲᠷ ᠪᠤᠯᠤᠨ᠎ᠠ᠃ | ᠲᠠᠪᠤ ᠳᠤ᠂ ᠪᠦᠰᠡᠯᠡᠨ ᠬᠠᠰᠢᠬᠤ ᠢᠨᠵᠧᠨᠧᠷᠢᠩ᠃ ᠥᠨᠳᠥᠷ ᠬᠤᠷᠳᠤᠴᠠᠲᠤ ᠵᠠᠮ ᠤᠨᠬᠥ᠋ᠭᠦᠷᠭᠡᠨ ᠳᠣᠤᠷᠠᠬᠢ | ᠵᠠᠮ ᠤᠨ ᠡᠮᠦᠨ᠎ᠡ᠂ ᠾᠦᠢᠵᠢᠨ ᠠᠭᠤᠳᠠᠮ ᠲᠠᠯᠠᠪᠠᠢ᠂ ᠪᠠᠶᠢᠴᠠᠭᠠᠬᠤ ᠬᠣᠷᠢᠶᠠᠨ ᠤ ᠪᠠᠷᠠᠭᠤᠨ ᠲᠠᠯ᠎ᠠ᠂ ᠡᠮᠦᠨ᠎ᠡ | ᠴᠠᠭᠠᠷᠢᠭ ᠵᠠᠮ ᠤᠨ ᠰᠢᠩ ᠹᠦ᠋ ᠪᠠᠭ᠎ᠠ ᠲᠣᠭᠤᠷᠢᠭ ᠤᠨ ᠪᠠᠷᠠᠭᠤᠨ ᠲᠠᠯ᠎ᠠ ᠶᠢᠨ ᠬᠡᠷᠡᠮ᠂ ᠱᠧᠩ ᠶᠤᠸᠠᠨ ᠰᠦ ᠶᠢᠨ | ᠦᠢᠯᠡᠰ ᠤᠨ ᠪᠠᠷᠠᠭᠤᠨ ᠲᠠᠯ᠎ᠠ ᠶᠢᠨ ᠭᠠᠵᠠᠷ ᠵᠡᠷᠭᠡ ᠨᠡᠶᠢᠲᠡ 3400 ᠮᠧᠲᠷ ᠤᠨ ᠪᠦᠰᠡᠯᠡᠯᠲᠡ ᠶᠢ ᠪᠠᠶᠢᠷᠢᠯᠠᠭᠤᠯᠤᠨ᠎ᠠ᠃ | | ᠵᠢᠷᠭᠤᠭ᠎ᠠ ᠳᠤ᠂ ᠤᠰᠤ ᠬᠠᠩᠭᠠᠬᠤ ᠬᠤᠭᠤᠯᠠᠶ ᠶᠢᠨ ᠲᠣᠤᠷ ᠢ ᠰᠢᠨ᠎ᠡ ᠪᠠᠷ ᠪᠠᠶᠢᠭᠤᠯᠬᠤ ᠢᠨᠵᠧᠨᠧᠷᠢᠩ᠃ | ᠰᠢᠨ᠎ᠡ ᠪᠠᠷ ᠪᠠᠶᠢᠭᠤᠯᠤᠭᠰᠠᠨ ᠢᠳᠡᠭᠡᠨ ᠤ ᠬᠦᠷᠢᠶᠡᠯᠡᠩ ᠲᠣᠭᠤᠷᠢᠭ ᠤᠨ ᠤᠰᠤ ᠬᠠᠩᠭᠠᠬᠤ ᠬᠤᠭᠤᠯᠠᠢ ᠶᠢᠨ | ᠲᠣᠣᠷ ᠤᠨ ᠢᠨᠵᠧᠨᠧᠷᠢᠩ 4350 ᠮᠧᠲᠷ᠂ ᠡᠭᠦᠨ ᠳᠤ DN200PE ᠬᠤᠭᠤᠯᠠᠶ ᠲᠣᠤᠷ 2750 ᠮᠧᠲᠷ᠂ | DN110PE ᠬᠤᠭᠤᠯᠠᠶ ᠲᠣᠤᠷ 1600 ᠮᠧᠲᠷ ᠪᠠᠭᠳᠠᠨ᠎ᠠ᠃ | ᠳᠣᠯᠤᠭ᠎ᠠ ᠳᠤ᠂ ᠰᠢᠨ᠎ᠡ ᠲᠣᠭᠤᠷᠢᠭ ᠤᠨ ᠬᠡᠰᠡᠭ ᠪᠣᠷᠣᠭᠠᠨ ᠤ ᠪᠣᠬᠢᠷᠲᠤᠯ ᠤᠰᠤᠨ ᠤ ᠬᠤᠭᠤᠯᠠᠶ ᠶᠢᠨ ᠲᠣᠤᠷ ᠢ | ᠴᠡᠭᠴᠡᠯᠡᠨ ᠰᠠᠶᠢᠵᠢᠷᠠᠭᠤᠯᠬᠤ ᠢᠨᠵᠧᠨᠧᠷᠢᠩ᠃ ᠮᠢᠩ ᠵᠦ ᠪᠠᠭ᠎ᠠ ᠲᠣᠭᠤᠷᠢᠭ᠂ ᠬᠤᠤ ᠰᠢᠶᠠᠩ ᠪᠠᠭᠤᠳᠠᠯ ᠤᠨ ᠣᠶᠢᠷ᠎ᠠ | ᠬᠠᠪᠢ᠂ ᠠᠷᠠᠳ ᠤᠨ ᠴᠡᠴᠡᠷᠯᠢᠭ ᠤᠨ ᠨᠡᠶᠢᠲᠡ ᠶᠢᠨ ᠵᠣᠷᠯᠣᠩ᠂ ᠶᠦᠨ ᠹᠧᠩ ᠵᠠᠰᠠᠮᠠᠯ ᠵᠠᠮ ᠤᠨ ᠪᠣᠷᠣᠭᠠᠨ ᠤ | ᠪᠣᠬᠢᠷᠲᠤᠯ ᠤᠨ ᠬᠤᠭᠤᠯᠠᠶ ᠶᠢᠨ ᠲᠣᠤᠷ ᠢ 150 ᠮᠧᠲᠷ ᠰᠢᠯᠵᠢᠬᠦᠯᠦᠨ ᠵᠠᠰᠠᠨ᠎ᠠ᠃ ᠲᠤᠷᠰᠢᠯᠲᠠ ᠶᠢᠨ ᠪᠠᠭ᠎ᠠ | ᠰᠤᠷᠭᠠᠭᠤᠯᠢ᠂ ᠹᠦ᠋ ᠪᠧᠶ ᠵᠡᠭᠡᠯᠢ᠂ ᠶᠢᠩ ᠪᠢᠨ ᠶᠡᠭᠡ ᠵᠡᠭᠡᠯᠢ ︵ᠪᠧᠶ ᠭᠤᠸᠠᠩ ᠵᠡᠭᠡᠯᠢ ᠠᠴᠠ ᠦᠶᠡᠷ ᠵᠠᠯᠠᠬᠤ ᠰᠤᠪᠠᠭ | ᠬᠦᠷᠲᠡᠯᠡᠬᠢ ᠬᠡᠰᠡᠭ︶ ᠶᠢᠨ ᠪᠣᠬᠢᠷ ᠤᠰᠤᠨ ᠤ ᠬᠤᠭᠤᠯᠠᠶ ᠶᠢᠨ ᠲᠣᠤᠷ ᠢ 2560 ᠮᠧᠲᠷ ᠰᠢᠨ᠎ᠡ ᠪᠠᠷ ᠪᠠᠶᠢᠭᠤᠯᠤᠨ᠎ᠠ | ᠃ | ᠤᠷᠴᠢᠭᠤᠯᠤᠬᠴᠢ᠄ ᠼᠦᠢ ᠶᠢᠩ |