ᠰᠦᠰᠦᠨ ᠤ ᠴᠢᠯᠠᠭᠤᠵᠢᠯ ᠢ ᠶᠠᠭᠠᠬᠢᠵᠤ ᠰᠡᠷᠭᠡᠶᠢᠯᠡᠬᠦ ᠪᠤᠢ︖
ᠨᠡᠶᠢᠲᠡᠯᠡᠭᠰᠡᠨ ᠴᠠᠭ᠄
2018/8/2
                ᠰᠦᠰᠦᠨ ᠤ ᠴᠢᠯᠠᠭᠤᠵᠢᠯ ᠢ ᠶᠠᠭᠠᠬᠢᠵᠤ ᠰᠡᠷᠭᠡᠶᠢᠯᠡᠬᠦ ᠪᠤᠢ︖      1. ᠳᠤᠭᠳᠠᠭᠰᠠᠨ ᠬᠤᠭᠤᠴᠠᠭ᠎ᠠ ᠲᠠᠢ ᠡᠷᠡᠭᠦᠯ ᠮᠡᠨᠳᠦ ᠶᠢᠨ ᠪᠠᠶᠢᠴᠠᠭᠠᠯᠳᠠ ᠬᠢᠵᠦ᠂ ᠰᠦᠰᠦᠨ ᠴᠢᠯᠠᠭᠤᠵᠢᠯ ᠲᠠᠢ ᠪᠤᠯᠤᠭᠰᠠᠨ ᠪᠠᠶᠢᠪᠠᠯ ᠳᠠᠷᠦ᠋ᠢᠬᠠᠨ ᠡᠮᠨᠡᠨ ᠵᠠᠰᠠᠨ᠎ᠠ᠃       2. ᠢᠳᠡᠭᠡᠨ ᠤᠮᠳᠠᠭᠠᠨ ᠢᠶᠠᠨ ᠠᠩᠬᠠᠷᠤᠨ᠎ᠠ᠃ ᠦᠭᠡᠬᠦ ᠳᠤᠰᠤ ᠶᠡᠬᠡᠳᠡᠢ᠂ ᠬᠠᠭᠠᠷᠢᠬᠰᠠᠨ ᠪᠠ ᠳᠤᠰᠤᠨ ᠳᠤ ᠪᠤᠴᠠᠯᠭᠠᠭᠰᠠᠨ᠂ ᠰᠢᠷᠠᠭᠰᠠᠨ ᠢᠳᠡᠭᠡᠨ ᠪᠠᠭ᠎ᠠ ᠢᠳᠡᠵᠦ᠂ ︽ᠭᠤᠷᠪᠠᠨ ᠡᠯᠪᠡᠭ︾ ᠢᠳᠡᠭᠡᠨ ᠪᠠᠭ᠎ᠠ ᠢᠳᠡᠨ᠎ᠠ᠃ ᠢᠳᠡᠭᠡᠨ ᠤ ᠵᠤᠬᠢᠴᠠᠭᠤᠯᠭ᠎ᠠ ᠶᠢ ᠠᠩᠬᠠᠷᠴᠤ᠂ ᠢᠳᠡᠰᠢᠨ ᠨᠤᠭᠤᠭ᠎ᠠ ᠵᠢᠮᠢᠰ ᠢᠯᠡᠭᠦᠦ ᠢᠳᠡᠨ᠎ᠠ᠃       3. ᠰᠡᠳᠭᠢᠯ ᠰᠠᠨᠠᠭ᠎ᠠ ᠪᠠᠨ ᠠᠭᠤᠵᠢᠭᠤ ᠪᠠᠶᠢᠯᠭᠠᠵᠤ᠂ ᠠᠭᠤᠷ ᠤᠴᠠᠭᠠᠷ ᠢᠶᠠᠨ ᠳᠠᠷᠤᠨ᠎ᠠ᠃ ᠭᠡᠷ ᠪᠦᠯᠢ ᠡᠪ ᠨᠠᠶᠢᠷ ᠲᠠᠢ᠂ ᠰᠡᠳᠭᠢᠯ ᠰᠠᠨᠠᠭ᠎ᠠ ᠠᠭᠤᠵᠢᠭᠤ ᠳᠠᠯᠪᠢᠭᠤ ᠪᠠᠶᠢᠬᠤ ᠨᠢ ᠴᠢᠬᠤᠯᠠ᠃      4. ᠤᠳᠠᠭᠠᠨ ᠰᠠᠭᠤᠬᠤ ᠠᠴᠠ ᠵᠠᠶᠢᠯᠠᠰᠬᠢᠵᠤ᠂ ᠦᠷᠭᠦᠯᠵᠢ ᠵᠤᠬᠢᠰᠳᠠᠢ ᠬᠦᠳᠡᠯᠭᠡᠭᠡᠨ ᠬᠢᠨ᠎ᠠ᠃ ᠭᠡᠳᠦ ᠳᠦᠷᠭᠡᠨ ᠢᠶᠠᠷ ᠮᠠᠷᠢᠶ᠎ᠡ ᠰᠢᠭᠤᠷᠠᠭᠤᠯᠬᠤ᠂ ᠡᠷᠳᠡ ᠶᠢᠨ ᠬᠤᠭᠤᠯᠠ ᠪᠠᠨ ᠬᠠᠰᠤᠵᠤ ᠮᠠᠷᠢᠶ᠎ᠠ ᠰᠢᠭᠤᠷᠠᠭᠤᠯᠬᠤ ᠨᠢ ᠪᠦᠷ ᠰᠦᠰᠦᠨ ᠴᠢᠯᠠᠭᠤᠵᠢᠯ ᠡᠭᠦᠰᠭᠡᠬᠦ ᠠᠶᠤᠯ ᠲᠠᠢ᠃       5. ᠴᠠᠭ ᠲᠠᠢ ᠬᠡᠮᠵᠢᠶ᠎ᠠ ᠲᠠᠢ ᠬᠤᠭᠤᠯᠠᠯᠠᠵᠤ᠂ ᠠᠷᠢᠭᠤᠨ ᠴᠡᠪᠡᠷ ᠢ ᠡᠷᠭᠢᠮᠯᠡᠨ᠎ᠠ᠃ ᠬᠤᠭᠤᠯᠠ ᠢᠳᠡᠬᠦ ᠠᠴᠠ ᠡᠮᠦᠨ᠎ᠠ ᠬᠤᠶᠢᠨ᠎ᠠ ᠭᠠᠷ ᠢᠶᠠᠨ ᠤᠭᠢᠶᠠᠵᠤ᠂ ᠵᠢᠮᠢᠰ ᠢ ᠤᠭᠢᠶᠠᠵᠤ ᠴᠡᠪᠡᠷᠯᠡᠭᠡᠳ ᠢᠳᠡᠬᠦ ᠨᠢ ᠭᠡᠳᠡᠰᠦᠨ ᠤ ᠰᠢᠮᠡᠭᠦᠷ ᠬᠤᠷᠤᠬᠠᠢ ᠪᠠ ᠦᠷᠪᠢᠰᠦᠯ ᠠᠴᠠ ᠪᠤᠯᠵᠤ ᠰᠦᠰᠦᠨ ᠤ ᠴᠢᠯᠠᠭᠤᠵᠢᠯ ᠡᠭᠦᠰᠬᠦ ᠶᠢ ᠰᠡᠷᠭᠡᠶᠢᠯᠡᠬᠦ ᠦᠢᠯᠡᠳᠦᠯ ᠲᠠᠢ᠃                                                               ᠨᠠᠶᠢᠷᠠᠭᠤᠯᠤᠭᠴᠢ᠄  ᠲᠤᠷᠤᠨ᠎ᠠ                                                   ᠪᠡᠯᠡᠳᠭᠡᠭᠰᠡᠨ ᠨᠢ᠄ ᠼᠦᠢ ᠶᠢᠩ
 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000072号-3