ᠬᠠᠪᠤᠷ ᠤᠨ ᠤᠯᠠᠷᠢᠯ ᠤᠨ ᠲᠠᠬᠰᠢᠭᠤᠷ ᠢ ᠬᠥᠡᠭᠭᠡᠪᠴᠢᠯᠡᠵᠥ ᠪᠤᠯᠬᠤ ᠥᠬᠡᠢ
ᠨᠡᠶᠢᠲᠡᠯᠡᠭᠰᠡᠨ ᠴᠠᠭ᠄
2018/8/2
                 ᠬᠠᠪᠤᠷ ᠤᠨ ᠤᠯᠠᠷᠢᠯ ᠤᠨ ᠲᠠᠬᠰᠢᠭᠤᠷ ᠢ ᠬᠥᠡᠭᠭᠡᠪᠴᠢᠯᠡᠵᠥ ᠪᠤᠯᠬᠤ ᠥᠬᠡᠢ     ᠬᠠᠪᠤᠷ ᠤᠨ ᠤᠯᠠᠷᠢᠯ ᠪᠤᠯᠤᠮᠠᠬᠴᠠ ᠲᠠᠬᠰᠢᠭᠤᠷ ᠲᠤ ᠨᠡᠷᠪᠡᠭᠳᠡᠬᠦ ᠬᠥᠮᠥᠰ ᠡᠩ ᠤᠨ ᠴᠠᠬ ᠠᠴᠠ ᠤᠯᠠᠰᠢᠷᠠᠳᠠᠬ᠃ ᠬᠠᠪᠤᠷ ᠤᠨ ᠤᠯᠠᠷᠢᠯ ᠤᠨ ᠲᠠᠬᠰᠢᠭᠤᠷ ᠢ ᠬᠥᠡᠭᠭᠡᠪᠴᠢᠯᠡᠵᠥ ᠪᠤᠯᠬᠤ ᠥᠬᠡᠢ᠃ ᠤᠯᠠᠩᠭᠢ ᠬᠥᠮᠥᠰ ᠲᠠᠬᠰᠢᠭᠤᠷ ᠲᠤ ᠨᠡᠷᠪᠡᠭᠳᠡᠬᠦ ᠨᠢ ᠶᠡᠭᠡ ᠡᠪᠡᠳᠴᠢᠨ ᠪᠢᠰᠢ᠂ ᠬᠡᠳᠤᠨ ᠡᠳᠤᠷ ᠪᠡᠶ᠎ᠠ ᠵᠤᠪᠠᠪᠠᠯ ᠰᠠᠶᠢᠨ ᠪᠤᠯᠴᠢᠬᠠᠨ᠎ᠠ ᠬᠡᠵᠥ ᠥᠵᠡᠳᠡᠭ᠃ ᠥᠨᠡᠨᠳᠡᠭᠡᠨ ᠲᠠᠬᠰᠢᠭᠤᠷ ᠠᠴᠠ ᠪᠤᠯᠵᠥ ᠨᠡᠩ ᠬᠥᠨᠳᠤ ᠡᠪᠡᠳᠴᠢᠨ ᠤ ᠪᠠᠶᠢᠳᠠᠯ ᠢ ᠪᠤᠢ ᠪᠤᠯᠭᠠᠵᠤ ᠮᠡᠳᠡᠨ᠎ᠡ ᠰᠢᠦ︕    ᠡᠨᠡ ᠵᠢᠯ ᠤᠨ 1 ᠰᠠᠷ᠎ᠠ ᠳᠤ᠂ ᠬᠠᠨᠭ᠍ᠵᠸᠤ ᠶᠢᠨ 20 ᠨᠠᠰᠤᠳᠠᠢ ᠤᠶᠤᠳᠠᠨ ᠲᠠᠬᠰᠢᠭᠤᠷ ᠲᠤ ᠨᠡᠷᠪᠡᠭᠳᠡᠭᠰᠡᠨ ᠢᠶᠠᠨ ᠥᠯᠥ ᠬᠠᠶᠢᠬᠤᠷᠤᠨ᠂ ᠥᠳᠦᠨ ᠪᠥᠮᠪᠦᠭᠡ ᠴᠤᠬᠢᠵᠥ ᠰᠢᠷᠥᠬᠦᠨ ᠬᠥᠳᠡᠯᠭᠡᠭᠡᠨ ᠬᠢᠭᠰᠡᠨ ᠠᠴᠠ ᠪᠤᠯᠵᠥ ᠵᠢᠷᠤᠭᠡᠨ ᠴᠤᠬᠢᠯᠭ᠎ᠠ ᠨᠢ ᠵᠤᠬᠰᠤᠵᠥ᠂ ᠪᠥᠮᠪᠥᠬᠡᠨ ᠲᠠᠯᠠᠪᠤᠷ ᠲᠤ ᠠᠮᠢ ᠲᠠᠯᠪᠢᠵᠠᠢ᠃ ᠡᠨᠡᠬᠦ ᠬᠠᠷᠠᠰᠠᠯᠲᠤ ᠶᠠᠪᠤᠳᠠᠯ ᠨᠢ ᠪᠢᠳᠠᠨ ᠳᠤ ᠲᠠᠬᠰᠢᠭᠤᠷ ᠢ ᠬᠥᠡᠭᠭᠡᠪᠴᠢᠯᠡᠵᠥ ᠪᠤᠯᠬᠤ ᠥᠬᠡᠢ ᠬᠡᠰᠡᠨ ᠢ ᠰᠠᠷᠠᠮᠵᠢᠯᠡᠭᠦᠯᠵᠡᠢ᠃ ᠠᠩᠭ᠍ᠯᠢ ᠶᠢᠨ ︽ᠠᠨᠠᠭᠠᠬᠤ ᠤᠬᠠᠭᠠᠨ︾ ᠰᠡᠳᠬᠦᠯ ᠳᠤ᠂ ᠥᠢᠷ᠎ᠠ ᠳᠤ᠂ ᠲᠠᠬᠰᠢᠭᠤᠷ ᠲᠤ ᠨᠡᠷᠪᠡᠭᠳᠡᠭᠰᠡᠨ ᠬᠤᠭᠤᠴᠠᠭᠠᠨ ᠳᠤ ᠵᠢᠷᠤᠭᠡᠨ ᠡᠪᠡᠳᠴᠢᠨ ᠡᠬᠦᠰᠬᠦ ᠠᠶᠤᠯ ᠲᠥᠭᠰᠢᠬᠦᠷᠢ ᠬᠡᠳᠤ ᠲᠠᠬᠢᠨ ᠢᠶᠠᠷ ᠨᠡᠮᠡᠭᠳᠡᠳᠡᠭ ᠬᠡᠰᠡᠨ ᠰᠢᠨ᠎ᠠ ᠰᠤᠳᠤᠯᠭᠠᠨ ᠤ ᠳ᠋ᠥᠡᠭ ᠢ ᠨᠠᠶᠢᠳᠠᠯᠡᠭᠰᠡᠨ ᠪᠠᠶᠢᠨ᠎ᠠ᠃    ᠲᠠᠬᠰᠢᠭᠤᠷ ᠲᠤ ᠨᠡᠷᠪᠡᠭᠳᠡᠭᠰᠡᠳ ᠵᠢᠷᠤᠭᠡᠨ ᠡᠪᠡᠳᠴᠢᠨ ᠲᠠᠢ ᠪᠤᠯ᠂ ᠪᠠᠶᠢᠴᠠᠭᠠᠯᠭᠠᠵᠤ ᠡᠮᠨᠡᠬᠦᠯᠬᠦ ᠴᠠᠬ ᠢᠶᠠᠨ ᠬᠤᠶᠢᠰᠢᠯᠠᠭᠤᠯᠵᠥ ᠤᠳᠠᠭᠠᠰᠢᠷᠠᠭᠤᠯᠵᠥ ᠪᠤᠯᠬᠤ ᠥᠬᠡᠢ᠂ ᠤᠨᠴᠠᠭᠠᠢᠢᠯᠠᠨ ᠲᠥᠷᠭᠡᠨ ᠴᠢᠨᠠᠷᠳᠠᠢ ᠠᠮᠢᠰᠬᠤᠯ ᠤᠨ ᠰᠢᠰᠲ᠋ᠧᠮ ᠤᠨ ᠬᠠᠯᠳᠠᠪᠤᠷᠢᠳᠤ ᠡᠪᠡᠳᠴᠢᠨ ᠲᠠᠢ ᠬᠥᠮᠥᠰ ᠨᠢᠬᠡ ᠭᠠᠷᠠᠬ ᠤᠨ ᠲᠤᠳᠤᠷ᠎ᠠ ᠪᠠᠶᠢᠴᠠᠭᠠᠯᠭᠠᠵᠤ ᠡᠮᠨᠡᠭᠦᠯᠬᠦ ᠬᠡᠷᠡᠭᠳᠠᠢ᠃ ᠡᠬᠦᠨ ᠠᠴᠠ ᠭᠠᠳᠠᠨ᠎ᠠ᠂ ᠰᠠᠶᠢᠳᠤᠷ ᠠᠮᠠᠷᠠᠬᠤ᠂ ᠢᠯᠡᠬᠦᠭᠡᠨ ᠤᠰᠤ ᠤᠤᠭᠤᠬᠤ ᠨᠢ ᠲᠠᠬᠰᠢᠭᠤᠷ ᠢ ᠵᠠᠰᠠᠬᠤ ᠳᠤ ᠠᠰᠢᠬᠳᠠᠢ ᠪᠠᠶᠢᠳᠠᠬ᠃                                          ᠪᠡᠯᠡᠳᠭᠡᠭᠰᠡᠨ ᠨᠢ᠄ ᠼᠦᠢ ᠶᠢᠩ
 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备11000072号-3