ᠳ᠋ᠧᠩ ᠭᠢᠯᠠᠶᠢᠭᠠᠳ ᠪᠠᠶᠢᠪᠠᠯ ᠤᠨᠳᠠᠬᠤ ᠪᠠᠶᠢᠳᠤᠭᠠᠢ ᠪᠡᠶ᠎ᠡ ᠵᠤᠪᠠᠨ᠎ᠠ | | ᠬᠠᠨᠤᠳᠠᠯ᠎ᠠ ᠤᠨᠳᠠᠬᠤ ᠨᠢ ᠡᠷᠡᠭᠦᠯ ᠮᠡᠨᠳᠦ ᠶᠠᠪᠤᠬᠤ ᠶᠢᠨ ᠨᠢᠭᠡ ᠪᠠᠳᠤᠯᠠᠭ᠎ᠠ ᠪᠤᠯᠳᠠᠭ᠃ ᠳᠡᠶᠢᠮᠦ ᠠᠴᠠ | ᠤᠨᠳᠠᠯᠭ᠎ᠠ ᠶᠢᠨ ᠦᠷᠦᠭᠡᠨ ᠤ ᠤᠷᠴᠢᠨ ᠳᠤᠭᠤᠷᠢᠨ ᠨᠢ ᠤᠨᠳᠠᠯᠭ᠎ᠠ ᠶᠢᠨ ᠴᠢᠨᠠᠷ ᠢ ᠵᠤᠬᠢᠬᠤ ᠬᠡᠮᠵᠢᠶᠡᠨ ᠳᠤ | ᠨᠦᠯᠦᠭᠡᠯᠡᠨ᠎ᠠ ᠭᠡᠳᠡᠭ ᠢ ᠪᠤᠳᠤᠯᠳᠠᠢ᠃ ᠤᠢᠢᠷ᠎ᠠ ᠳᠤ᠂ ᠶᠠᠫᠤᠨ ᠤ ᠨᠢᠭᠡ ᠠᠨᠠᠭᠠᠬᠤ ᠤᠬᠠᠭᠠᠨ ᠤ ᠶᠡᠭᠡ | ᠰᠤᠷᠭᠠᠭᠤᠯᠢ ᠶᠢᠨ ᠬᠢᠨ ᠤᠨᠳᠠᠯᠭ᠎ᠠ ᠶᠢᠨ ᠦᠷᠦᠭᠡᠨ ᠤ ᠳ᠋ᠧᠩ ᠭᠡᠳᠦ ᠭᠡᠷᠡᠯ ᠲᠠᠢ ᠪᠤᠯᠪᠠᠯ ᠬᠦᠮᠦᠨ ᠤ ᠠᠮᠢᠳᠤ | ᠪᠤᠳᠠᠰ ᠤᠨ ᠴᠠᠭ ᠪᠠ ᠳᠤᠳᠤᠭᠠᠳᠤ ᠱᠦᠭᠦᠷᠡᠯ ᠤᠨ ᠬᠡᠪ ᠤᠨ ᠪᠠᠶᠢᠳᠠᠯ ᠢ ᠠᠯᠳᠠᠬᠳᠠᠭᠤᠯᠵᠤ ᠤᠨᠳᠠᠯᠭ᠎ᠠ ᠶᠢ | ᠨᠦᠯᠦᠭᠡᠯᠡᠳᠡᠭ ᠢᠶᠠᠷ ᠪᠠᠷᠠᠬᠤ ᠦᠭᠡᠢ ᠪᠡᠶ᠎ᠡ ᠰᠡᠳᠭᠢᠯ ᠤᠨ ᠡᠷᠡᠭᠦᠯ ᠮᠡᠨᠳᠦ ᠶᠢ ᠬᠤᠬᠢᠷᠠᠭᠤᠯᠳᠠᠭ ᠭᠡᠰᠡᠨ ᠰᠤᠳᠤᠯᠭᠠᠨ ᠤ | ᠳ᠋ᠦᠩ ᠢ ᠨᠡᠶᠢᠳᠡᠯᠡᠭᠰᠡᠨ ᠪᠠᠶᠢᠨ᠎ᠠ᠃ | 1. ᠭᠠᠩᠰᠠᠷᠠᠬᠤ ᠡᠪᠡᠳᠴᠢᠨ ᠤ ᠠᠶᠤᠯ ᠢ ᠨᠡᠮᠡᠭᠳᠡᠭᠦᠯᠳᠡᠭ᠃ ᠰᠤᠳᠤᠯᠭᠠᠨ ᠳᠤ ᠢᠯᠡᠷᠡᠭᠦᠯᠦᠭᠰᠡᠨ ᠢᠶᠠᠷ᠂ | ᠤᠨᠳᠠᠬᠤ ᠠᠴᠠ ᠡᠮᠦᠨ᠎ᠠ ᠪᠤᠶᠤ ᠤᠨᠳᠠᠵᠤ ᠪᠠᠶᠢᠭ᠎ᠠ ᠦᠶ᠎ᠠ ᠶᠢᠨ ᠶᠠᠮᠠᠷᠪᠠ ᠨᠢᠭᠡ ᠵᠦᠢᠯ ᠤᠨ ᠭᠡᠷᠡᠯ ᠨᠢ ︵ᠴᠤᠩᠬᠤᠨ | ᠪᠦᠳᠡᠭᠡᠯᠭᠡ ᠶᠢᠨ ᠵᠠᠪᠰᠠᠷ ᠢᠶᠠᠷ ᠤᠷᠤᠵᠤ ᠢᠷᠡᠭᠰᠡᠨ ᠭᠡᠷᠡᠯ᠂ ᠤᠶᠤᠨᠳᠤ ᠭᠠᠷ ᠤᠳᠠᠰᠤᠨ ᠤ ᠳᠡᠯᠭᠡᠴᠡᠨ ᠤ ᠭᠡᠷᠡᠯ | ᠵᠡᠷᠭᠡ ᠶᠢ ᠪᠠᠭᠳᠠᠭᠠᠨ᠎ᠠ︶ ᠪᠦᠷ ᠬᠦᠮᠦᠨ ᠤ ᠪᠡᠶ᠎ᠡ ᠶᠢᠨ ᠠᠮᠢᠳᠤ ᠪᠤᠳᠠᠰ ᠤᠨ ᠴᠠᠭ ᠤᠨ ᠬᠡᠪ ᠤᠨ ᠪᠠᠶᠢᠳᠠᠯ ᠢ | ᠠᠯᠳᠠᠭᠳᠠᠭᠤᠯᠵᠤ᠂ ᠡᠭᠦᠨ ᠤ ᠤᠯᠠᠮ ᠠᠴᠠ ᠭᠠᠩᠰᠠᠷᠠᠬᠤ ᠡᠪᠡᠳᠴᠢᠨ ᠡᠭᠦᠰᠭᠡᠳᠡᠭ ᠭᠡᠵᠡᠢ᠃ ᠠᠮᠢᠳᠤ ᠪᠤᠳᠠᠰ ᠤᠨ | ᠴᠠᠭ ᠤᠨ ᠬᠡᠪ ᠤᠨ ᠪᠠᠶᠢᠳᠠᠯ ᠠᠯᠳᠠᠭᠳᠠᠬᠰᠠᠨ ᠠᠴᠠ ᠪᠤᠯᠵᠤ ᠬᠦᠮᠦᠨ ᠨᠦᠢᠷ ᠬᠤᠯᠵᠢᠨ᠎ᠠ᠂ ᠰᠡᠳᠭᠢᠯ ᠰᠠᠨᠠᠭᠠᠨ ᠤ | ᠳᠤᠭᠳᠠᠭᠤᠨ ᠪᠠᠶᠢᠳᠠᠯ ᠨᠢ ᠠᠯᠳᠠᠭᠳᠠᠵᠤ ᠦᠢᠯᠡ ᠠᠵᠢᠯᠯᠠᠭ᠎ᠠ ᠨᠢ ᠨᠦᠯᠦᠭᠡᠯᠡᠭᠳᠡᠨ᠎ᠠ᠂ ᠳᠡᠭᠡᠭᠡᠳ ᠭᠠᠩᠰᠠᠷᠠᠬᠤ | ᠡᠪᠡᠳᠴᠢᠨ ᠡᠭᠦᠰᠬᠦ ᠠᠶᠤᠯ ᠢ ᠨᠡᠮᠡᠭᠳᠡᠭᠦᠯᠦᠨ᠎ᠠ ᠭᠡᠵᠦ ᠱᠠᠩᠬᠠᠢ ᠶᠢᠨ ᠬᠢᠳᠠᠳ ᠡᠮᠨᠡᠯᠭᠡ ᠶᠢᠨ ᠨᠦᠢᠷ ᠬᠤᠯᠵᠢᠬᠤ | ᠡᠪᠡᠳᠴᠢᠨ ᠢ ᠡᠮᠴᠢᠯᠡᠨ ᠵᠠᠰᠠᠬᠤ ᠬᠠᠮᠵᠢᠯᠴᠠᠭᠠᠨ ᠤ ᠳᠦᠪ ᠤᠨ ᠳᠡᠳ᠋ ᠡᠷᠭᠢᠯᠡᠭᠴᠢ ᠱᠢ ᠮᠢᠩ ᠳᠠᠶᠢᠯᠪᠤᠷᠢᠯᠠᠭᠰᠠᠨ | ᠪᠠᠶᠢᠨ᠎ᠠ᠃ ᠳᠤᠭ᠎ᠠ ᠪᠠᠷᠢᠮᠳᠠ ᠠᠴᠠ ᠦᠵᠡᠪᠡᠯ᠂ 75% ᠤᠨ ᠭᠠᠩᠰᠠᠷᠠᠬᠤ ᠡᠪᠡᠳᠴᠢᠳᠠᠨ ᠳᠤ ᠨᠦᠢᠷ ᠬᠤᠯᠵᠢᠬᠤ | ᠢᠯᠡᠷᠡᠯ ᠲᠠᠢ ᠪᠠᠶᠢᠭ᠎ᠠ ᠪᠦᠭᠡᠳ ᠡᠨᠡ ᠨᠢ ᠡᠪᠡᠳᠴᠢᠨ ᠢ ᠬᠦᠨᠳᠦᠷᠡᠭᠦᠯᠬᠦ ᠨᠢᠭᠡ ᠳᠠᠯ᠎ᠠ ᠪᠤᠯᠵᠤ ᠪᠠᠶᠢᠳᠠᠭ ᠪᠠᠶᠢᠨ᠎ᠠ᠃ | ᠶᠠᠫᠤᠨ ᠤ ᠨᠢᠭᠡᠨ ᠬᠠᠮᠢᠶ᠎ᠠ ᠪᠦᠬᠦᠢ ᠰᠡᠳᠭᠦᠯ ᠳᠤ᠂ ᠰᠦᠨᠢ ᠳᠡᠭᠡᠨ 8 ᠴᠠᠭ ᠤᠨᠳᠠᠵᠤ ᠳᠡᠶᠢᠯᠳᠡᠭ ᠦᠭᠡᠢ ᠬᠦᠮᠦᠨ | ᠵᠤᠪᠠᠨᠢᠬᠤ ᠡᠪᠡᠳᠴᠢᠨ ᠪᠠ ᠭᠠᠩᠰᠠᠷᠠᠬᠤ ᠡᠪᠡᠳᠴᠢᠨ ᠳᠤ ᠠᠮᠠᠷᠬᠠᠨ ᠨᠡᠷᠪᠡᠭᠳᠡᠳᠡᠭ ᠭᠡᠵᠦ ᠨᠡᠶᠢᠳᠡᠯᠡᠭᠰᠡᠨ ᠪᠠᠶᠢᠨ᠎ᠠ᠃ | | 2. ᠴᠢᠰᠦᠨ ᠤ ᠦᠭᠡᠬᠦ ᠦᠨᠳᠦᠷᠵᠢᠬᠦ᠂ ᠮᠠᠷᠢᠶᠠᠯᠠᠬᠤ᠂ ᠵᠢᠷᠦᠭᠡᠨ ᠡᠪᠡᠳᠴᠢᠨ ᠤ ᠠᠶᠤᠯ ᠨᠡᠮᠡᠭᠳᠡᠨ᠎ᠠ᠃ | ᠤᠨᠳᠠᠯᠭ᠎ᠠ ᠶᠢᠨ ᠴᠢᠨᠠᠷ ᠨᠢ ᠬᠦᠮᠦᠨ ᠤ ᠪᠡᠶ᠎ᠡ ᠶᠢᠨ ᠳᠤᠳᠤᠭᠠᠳᠤ ᠱᠦᠭᠦᠷᠡᠯ ᠤᠨ ᠰᠢᠰᠲ᠋ᠧᠮ ᠪᠠ ᠰᠢᠩᠭᠡᠭᠡᠯᠳᠡ ᠶᠢᠨ | ᠰᠢᠰᠲ᠋ᠧᠮ ᠤᠨ ᠠᠵᠢᠯᠯᠠᠭ᠎ᠠ ᠶᠢ ᠨᠦᠯᠦᠭᠡᠯᠡᠳᠡᠭ ᠭᠡᠵᠦ ᠱᠢ ᠮᠢᠩ ᠶᠠᠷᠢᠬᠰᠠᠨ ᠪᠠᠶᠢᠨ᠎ᠠ᠃ ᠬᠠᠨᠳᠠᠯ᠎ᠠ ᠤᠨᠳᠠᠵᠤ | ᠴᠢᠳᠠᠭᠰᠠᠨ ᠦᠭᠡᠢ ᠪᠤᠶᠤ ᠨᠦᠢᠷ ᠬᠤᠯᠵᠢᠬᠰᠠᠨ ᠳᠤᠬᠢᠶᠠᠯᠳᠤᠯ ᠳᠤ᠂ ᠬᠦᠮᠦᠨ ᠤ ᠪᠡᠶ᠎ᠡ ᠶᠢᠨ ᠱᠦᠭᠦᠷᠡᠭᠦᠯᠦᠭᠰᠡᠨ | ︽ᠳᠤᠷᠠᠬᠤ ᠡᠳ᠋︾ ᠨᠢ ᠬᠦᠢᠴᠡᠳ ᠪᠢᠰᠢ ᠪᠠᠶᠢᠵᠤ᠂ ᠡᠳᠦᠷ ᠤᠨ ᠢᠳᠡᠵᠦ ᠤᠷᠤᠭᠤᠯᠤᠭᠰᠠᠨ ᠦᠭᠡᠬᠦ ᠪᠠᠨ ᠰᠢᠩᠭᠡᠭᠡᠨ | ᠰᠢᠢᠳᠪᠦᠷᠢᠯᠡᠵᠦ ᠳᠠᠭᠤᠰᠤᠭᠰᠠᠨ ᠦᠭᠡᠢ ᠠᠴᠠ ᠪᠤᠯᠵᠤ ᠦᠭᠡᠬᠦ ᠪᠡᠶ᠎ᠡ ᠳᠤ ᠬᠤᠷᠠᠮᠳᠤᠨ ᠴᠢᠰᠦᠨ ᠤ ᠦᠭᠡᠬᠦ ᠶᠢ | ᠦᠨᠳᠦᠷᠵᠢᠬᠦᠯᠵᠦ᠂ ᠮᠠᠷᠢᠶ᠎ᠠ ᠶᠢ ᠨᠡᠮᠡᠭᠳᠡᠭᠦᠯᠳᠡᠭ᠃ ᠰᠦᠨᠢ ᠰᠤᠯᠪᠢᠭᠤ ᠮᠡᠳᠡᠷᠡᠯ ᠤᠨ ᠬᠦᠭᠡᠷᠦᠯᠳᠡ ᠶᠢᠨ ᠪᠠᠶᠢᠳᠠᠯ ᠨᠢ | ᠡᠳᠦᠷ ᠤᠨ ᠬᠢ ᠠᠴᠠ ᠨᠠᠮᠵᠢᠭᠤᠨ ᠪᠠᠶᠢᠳᠠᠭ᠂ ᠬᠡᠷᠪᠡ ᠳᠠᠪᠠᠳᠠᠢ ᠤᠨᠳᠠᠵᠤ ᠳᠡᠶᠢᠯᠬᠦ ᠦᠭᠡᠢ ᠪᠤᠯ ᠰᠤᠯᠪᠢᠭᠤ | ᠮᠡᠳᠡᠷᠡᠯ ᠨᠢ ᠬᠦᠭᠡᠷᠦᠯᠳᠡ ᠶᠢᠨ ᠪᠠᠶᠢᠳᠠᠯ ᠲᠠᠢ ᠪᠤᠯᠵᠤ᠂ ᠵᠢᠷᠦᠭᠡᠨ ᠤ ᠠᠪᠴᠢᠬᠤ ᠳᠠᠷᠤᠯᠳᠠ ᠪᠠ ᠳᠡᠯᠡᠬᠦ | ᠳᠠᠷᠤᠯᠳᠠ ᠶᠢᠨ ᠬᠡᠪ ᠤᠨ ᠪᠤᠰᠤ ᠬᠤᠪᠢᠷᠠᠯᠳᠠ ᠶᠢ ᠡᠭᠦᠰᠭᠡᠨ ᠵᠢᠷᠦᠭᠡ ᠵᠢᠴᠢ ᠵᠢᠷᠦᠭᠡᠨ ᠰᠤᠳᠠᠯ ᠤᠨ ᠡᠪᠡᠳᠴᠢᠨ | ᠡᠭᠦᠰᠬᠦ ᠠᠶᠤᠯ ᠢ ᠨᠡᠮᠡᠭᠳᠡᠭᠦᠯᠦᠨ᠎ᠠ᠃ | 3. ᠬᠠᠷ᠎ᠠ ᠦᠩᠭᠡ ᠶᠢ ᠠᠷᠢᠯᠭᠠᠬᠤ ᠡᠳ᠋ ᠤᠨ ᠢᠯᠭᠠᠷᠠᠭᠤᠯᠤᠯᠳᠠ ᠪᠠ ᠦᠯᠦ ᠬᠠᠯᠳᠠᠭᠠᠬᠤ ᠡᠳ᠋ ᠤᠨ ᠪᠤᠢ | ᠪᠤᠯᠬᠤ ᠶᠢ ᠨᠦᠯᠦᠭᠡᠯᠡᠵᠦ᠂ ᠠᠮᠠᠷᠬᠠᠨ ᠦᠮᠡᠨ ᠡᠭᠦᠰᠭᠡᠳᠡᠭ᠃ ᠬᠠᠷ᠎ᠠ ᠦᠩᠭᠡ ᠶᠢ ᠠᠷᠢᠯᠭᠠᠬᠤ ᠡᠳ᠋ ᠭᠡᠳᠡᠭ ᠪᠤᠯ ᠨᠢᠭᠡ | ᠵᠦᠢᠯ ᠤᠨ ᠨᠦᠢᠷ ᠢ ᠰᠠᠶᠢᠵᠢᠷᠠᠭᠤᠯᠳᠠᠭ ᠬᠤᠷᠮᠤᠨ ᠪᠤᠯᠤᠨ᠎ᠠ᠂ ︽ᠹᠢᠽᠢᠦᠯᠦᠭᠢ ᠶᠢᠨ ᠮᠡᠳᠡᠭᠦᠯᠦᠯᠳᠡ︾ | ᠰᠡᠳᠭᠦᠯ ᠳᠤ ᠨᠡᠶᠢᠳᠡᠯᠡᠭᠳᠡᠭᠰᠡᠨ ᠨᠢᠭᠡ ᠰᠤᠳᠤᠯᠭᠠᠨ ᠤ ᠪᠦᠲᠦᠭᠡᠯ ᠳᠤ᠂ ᠤᠨᠳᠠᠬᠤ ᠠᠴᠠ ᠡᠮᠦᠨ᠎ᠠ ᠬᠤᠷᠴᠠ ᠭᠡᠷᠡᠯ ᠤᠨ | ᠳᠤᠤᠷ᠎ᠠ ᠪᠠᠶᠢᠬᠤ ᠨᠢᠬᠠᠷᠠ ᠦᠩᠭᠡ ᠶᠢ ᠠᠷᠢᠯᠭᠠᠬᠤ ᠡᠳ᠋ ᠤᠨ ᠢᠯᠭᠠᠷᠠᠭᠤᠯᠤᠯᠳᠠ ᠶᠢ ᠨᠦᠯᠦᠭᠡᠯᠡᠵᠦ᠂ ᠳᠡᠭᠦᠨ ᠤ | ᠢᠯᠭᠠᠷᠠᠭᠤᠯᠤᠯᠳᠠ ᠶᠢᠨ ᠬᠡᠮᠵᠢᠶ᠎ᠡ ᠶᠢᠨ ᠶᠡᠭᠡ ᠪᠠᠭ᠎ᠠ ᠨᠢ ᠤᠨᠳᠠᠯᠭ᠎ᠠ ᠶᠢᠨ ᠴᠢᠨᠠᠷ ᠢ ᠰᠢᠭᠤᠳ ᠨᠦᠯᠦᠭᠡᠯᠡᠳᠡᠭ ᠭᠡᠵᠡᠢ᠃ | ᠬᠠᠷ᠎ᠠ ᠦᠩᠭᠡ ᠶᠢ ᠠᠷᠢᠯᠭᠠᠬᠤ ᠡᠳ᠋ ᠪᠤᠯ ᠨᠢᠭᠡᠨᠳᠡ ᠢᠯᠡᠷᠡᠭᠦᠯᠦᠭᠰᠡᠨ ᠬᠠᠮᠤᠭ ᠤᠨ ᠬᠦᠴᠦᠳᠠᠢ ᠳᠤᠳᠤᠭᠠᠳᠤ | ᠡᠭᠦᠰᠦᠯ ᠤᠨ ᠴᠢᠨᠠᠷᠳᠠᠢ ᠴᠢᠯᠦᠭᠡᠳᠦ ᠪᠦᠯᠦᠭ ᠤᠨ ᠠᠷᠢᠯᠭᠠᠭᠴᠢ ᠡᠳ᠋ ᠪᠠᠶᠢᠵᠤ᠂ ᠳᠡᠭᠦᠨ ᠤ ᠢᠰᠦᠯᠳᠦᠬᠦ ᠶᠢ | ᠬᠤᠷᠢᠬᠯᠠᠬᠤ ᠴᠢᠳᠠᠪᠤᠷᠢ ᠨᠢ ᠳᠤᠩ ᠬᠦᠴᠦᠳᠠᠢ ᠪᠠᠶᠢᠵᠤ᠂ ᠡᠰ ᠤᠨ ᠢᠰᠦᠯᠳᠦᠨ ᠬᠤᠬᠢᠷᠠᠬᠤ ᠶᠢ ᠪᠦᠲᠦᠮᠵᠢᠳᠠᠢ | ᠰᠡᠷᠭᠡᠶᠢᠯᠡᠨ ᠬᠤᠷᠢᠬᠯᠠᠳᠠᠭ᠃ ᠡᠰ ᠤᠨ ᠰᠢᠨ᠎ᠠ ᠬᠠᠭᠤᠴᠢᠨ ᠤ ᠰᠤᠯᠢᠯᠴᠠᠭ᠎ᠠ ᠪᠠ ᠬᠤᠬᠢᠷᠠᠭᠰᠠᠨ ᠢᠶᠠᠨ ᠨᠦᠬᠦᠨ | ᠰᠡᠯᠪᠢᠬᠦ ᠠᠵᠢᠯᠯᠠᠭ᠎ᠠ ᠨᠢ ᠶᠡᠷᠦᠳᠡᠭᠡᠨ ᠰᠦᠨᠢ ᠶᠠᠪᠤᠬᠳᠠᠳᠠᠭ᠂ ᠬᠦᠮᠦᠨ ᠤ ᠪᠡᠶ᠎ᠡ ᠶᠢᠨ ᠬᠠᠷ᠎ᠠ ᠦᠩᠭᠡ ᠶᠢ ᠠᠷᠢᠯᠭᠠᠬᠤ | ᠡᠳ᠋ ᠤᠨ ᠢᠯᠭᠠᠷᠠᠭᠤᠯᠤᠯᠳᠠ ᠪᠠ ᠦᠯᠦ ᠬᠠᠯᠳᠠᠭᠠᠬᠤ ᠡᠳ᠋ ᠳᠤᠳᠠᠭᠳᠠᠪᠠᠯ ᠨᠦᠢᠷ ᠤᠨ ᠴᠢᠨᠠᠷ ᠢ ᠨᠦᠯᠦᠭᠡᠯᠡᠵᠦ᠂ | ᠡᠰ ᠤᠨ ᠰᠢᠨᠡᠳᠦᠯ ᠳᠤ ᠰᠠᠭᠠᠳ ᠪᠤᠯᠵᠤ᠂ ᠦᠮᠡᠨ ᠡᠭᠦᠰᠭᠡᠬᠦ ᠪᠤᠯᠤᠮᠵᠢ ᠶᠢ ᠪᠤᠢ ᠪᠤᠯᠭᠠᠳᠠᠭ᠃ ︽ᠶᠡᠷᠦᠩᠬᠡᠢ ᠳᠡᠭᠡᠨ᠂ | ᠬᠦᠮᠦᠨ ᠤ ᠪᠡᠶ᠎ᠡ ᠶᠢᠨ ᠤᠨᠳᠠᠯᠭ᠎ᠠ ᠶᠢ ᠪᠦᠭᠡ ᠤᠨᠳᠠᠬᠤ ᠪᠠ ᠰᠡᠷᠭᠡᠭ ᠤᠨᠳᠠᠬᠤ ᠭᠡᠵᠦ ᠬᠤᠪᠢᠶᠠᠵᠤ ᠪᠤᠯᠤᠨ᠎ᠠ᠃ | ᠪᠦᠭᠡ ᠤᠨᠳᠠᠯᠭ᠎ᠠ ᠨᠢ ᠭᠤᠤᠯᠳᠠᠭᠤ ᠰᠦᠨᠢ ᠶᠢᠨ 11 ᠴᠠᠭ ᠠᠴᠠ ᠳᠠᠷᠠᠭ᠎ᠠ ᠤᠨ ᠦᠷᠯᠦᠭᠡ ᠶᠢᠨ 3 — 4 | ᠴᠠᠭ ᠤᠨ ᠬᠤᠭᠤᠷᠤᠨᠳᠤ ᠳᠦᠪᠯᠡᠷᠡᠳᠡᠭ᠂ ᠦᠷᠯᠦᠭᠡ ᠶᠢᠨ 4 ᠴᠠᠭ ᠠᠴᠠ ᠬᠤᠶᠢᠰᠢ ᠪᠦᠭᠡ ᠤᠨᠳᠠᠭᠰᠠᠨ | ᠪᠠᠶᠢᠳᠠᠯ ᠠᠴᠠ ᠪᠠᠨ ᠠᠭᠠᠵᠢᠮ ᠢᠶᠠᠷ ᠰᠡᠷᠢᠬᠦ ᠳᠡᠰᠢ ᠪᠠᠨ ᠬᠠᠨᠳᠤᠵᠤ᠂ ᠰᠡᠷᠭᠡᠭ ᠤᠨᠳᠠᠯᠭ᠎ᠠ ᠪᠠᠷ ᠭᠤᠤᠯᠳᠠᠳᠠᠭ᠃ | ᠬᠦᠮᠦᠨ ᠤ ᠪᠡᠶ᠎ᠡ ᠶᠢᠨ ᠠᠯᠢ ᠤᠯᠠᠨ ᠹᠢᠽᠢᠦᠯᠦᠭᠢ ᠶᠢᠨ ᠠᠵᠢᠯᠯᠠᠭ᠎ᠠ᠂ ᠵᠢᠱᠢᠶᠡᠯᠡᠪᠡᠯ ᠡᠨᠧᠷᠭᠢ ᠶᠢᠨ ᠬᠤᠪᠢᠰᠤᠨ | ᠨᠡᠶᠢᠯᠡᠭᠵᠢᠬᠦ᠂ ᠬᠤᠷᠮᠤᠨ ᠤ ᠢᠯᠭᠠᠷᠠᠭᠤᠯᠤᠯᠳᠠ ᠵᠡᠷᠭᠡ ᠨᠢ ᠪᠦᠷ ᠪᠦᠭᠡ ᠤᠨᠳᠠᠭᠰᠠᠨ ᠦᠶ᠎ᠡ ᠳᠤ ᠶᠠᠪᠤᠭᠳᠠᠳᠠᠭ᠃ | ᠬᠡᠷᠪᠡ ᠤᠷᠳᠤ ᠬᠤᠭᠤᠴᠠᠭ᠎ᠠ ᠪᠠᠷ ᠨᠦᠢᠷ ᠬᠤᠯᠵᠢᠬᠰᠠᠨ ᠪᠤᠶᠤ ᠤᠨᠳᠠᠯᠭ᠎ᠠ ᠶᠢᠨ ᠴᠢᠨᠠᠷ ᠳᠤᠤᠷ᠎ᠠ ᠪᠤᠯᠪᠠᠯ᠂ ᠴᠤᠯᠤ | ᠰᠠᠪᠠ ᠶᠢᠨ ᠰᠢᠨ᠎ᠡ ᠬᠠᠭᠤᠴᠢᠨ ᠤ ᠰᠤᠯᠢᠯᠴᠠᠭᠠᠨ ᠤ ᠴᠢᠳᠠᠪᠬᠢ ᠶᠢ ᠰᠠᠮᠠᠭᠤᠷᠠᠭᠤᠯᠵᠤ᠂ ᠬᠦᠮᠦᠨ ᠤ ᠪᠡᠶ᠎ᠡ ᠰᠡᠳᠭᠢᠯ ᠤᠨ | ᠡᠷᠡᠭᠦᠯ ᠮᠡᠨᠳᠦ ᠶᠢ ᠨᠦᠯᠦᠭᠡᠯᠡᠳᠡᠭ᠃ ᠬᠡᠦᠬᠡᠳ ᠲᠤ ᠠᠪᠴᠤ ᠬᠡᠯᠡᠪᠡᠯ ᠨᠡᠩ ᠴᠤ ᠤᠨᠴᠠᠭᠠᠢ ᠠᠩᠬᠠᠷᠬᠤ ᠭᠡᠷᠡᠭᠳᠡᠢ᠂ | ᠤᠨᠳᠠᠯᠭ᠎ᠠ ᠶᠢᠨ ᠴᠢᠨᠠᠷ ᠤᠨ ᠰᠠᠶᠢᠨ ᠮᠠᠭᠤ ᠨᠢ ᠬᠡᠦᠬᠡᠳ ᠦᠰᠦᠯᠳᠠ ᠶᠢᠨ ᠬᠤᠷᠮᠤᠨ ᠪᠠ ᠴᠡᠭᠡᠵᠢᠯᠡᠬᠦ ᠴᠢᠳᠠᠪᠤᠷᠢ ᠲᠠᠢ | ᠰᠢᠭᠤᠳ ᠬᠤᠯᠪᠤᠭ᠎ᠠ ᠲᠠᠢ ᠪᠠᠶᠢᠳᠠᠭ︾ ᠭᠡᠵᠦ ᠱᠢ ᠮᠢᠩ ᠶᠠᠷᠢᠬᠰᠠᠨ ᠪᠠᠶᠢᠨ᠎ᠠ᠃ ᠲᠡᠷᠡ᠂ ᠠᠮᠢᠳᠤᠷᠠᠯ ᠤᠨ ᠴᠢᠨᠠᠷ | ᠴᠢᠨᠰᠠᠭ᠎ᠠ ᠪᠠᠨ ᠳᠡᠭᠡᠭᠰᠢᠯᠡᠭᠦᠯᠵᠦ᠂ ᠠᠵᠢᠯᠯᠠᠵᠤ ᠠᠮᠠᠷᠠᠬᠤ ᠪᠠᠨ ᠵᠢᠮ᠎ᠠ ᠶᠤᠰᠤ ᠲᠠᠢ ᠪᠠᠶᠢᠯᠭᠠᠵᠤ᠂ ᠰᠦᠨᠢᠵᠢᠨ | ᠰᠠᠭᠤᠬᠤ ᠦᠭᠡᠢ᠂ ᠤᠨᠳᠠᠬᠤ ᠠᠴᠠ ᠪᠠᠨ ᠡᠮᠦᠨ᠎ᠠ ᠭᠠᠷ ᠤᠳᠠᠰᠤ ᠪᠠᠨ ᠬᠠᠭᠠᠵᠤ᠂ ᠭᠡᠷᠡᠯ ᠨᠡᠪᠳᠡᠷᠡᠳᠡᠭ ᠦᠭᠡᠢ | ᠴᠤᠩᠬᠤᠨ ᠪᠦᠳᠡᠭᠡᠯᠭᠡ ᠬᠢᠵᠦ ᠤᠨᠳᠠᠯᠭ᠎ᠠ ᠶᠢᠨ ᠦᠷᠦᠭᠡᠨ ᠤ ᠬᠠᠷᠠᠩᠭᠤᠢ ᠪᠠᠶᠢᠬᠤ ᠶᠢ ᠴᠢᠳᠠᠬᠤ ᠶᠢᠨ ᠳᠤᠳᠤᠷ᠎ᠠ | ᠪᠠᠳᠤᠯᠠᠵᠤ᠂ ᠤᠨᠳᠠᠯᠭ᠎ᠠ ᠶᠢᠨ ᠦᠷᠦᠭᠡᠨ ᠳᠡᠭᠡᠨ ᠳᠤᠯᠠᠭᠠᠨ ᠵᠦᠭᠡᠯᠡᠨ ᠦᠩᠭᠡ ᠲᠠᠢ ᠳ᠋ᠧᠩ ᠳᠠᠭᠠᠷᠠᠭᠤᠯᠪᠠᠯ ᠵᠤᠬᠢᠨ᠎ᠠ | ᠭᠡᠵᠦ ᠰᠠᠨᠠᠭᠤᠯᠤᠭᠰᠠᠨ ᠪᠠᠶᠢᠨ᠎ᠠ᠃ | | | ᠬᠠᠷᠢᠭᠤᠴᠠᠭᠰᠠᠨ ᠨᠠᠶᠢᠷᠠᠭᠤᠯᠤᠭᠴᠢ᠄ ᠳᠤᠷᠤᠨ᠎ᠠ | | ᠪᠡᠯᠡᠳᠭᠡᠭᠰᠡᠨ ᠨᠢ᠄ ᠠᠨᠩᠭᠠᠬᠦᠦ | | | | |